ᠰᠠᠴᠤᠯᠢ ᠡᠷᠭᠦᠬᠦ ᠶᠣᠰᠣᠨ ᠪᠣᠯ ᠮᠣᠩᠭᠤᠯᠴᠤᠳ ᠤᠨ ᠲᠡᠭᠷᠢ᠂ ᠭᠠᠵᠠᠷ᠂ ᠲᠡᠭᠡᠳᠤᠰ ᠲᠠᠢ ᠪᠠᠨ ᠬᠠᠷᠢᠴᠠᠬᠤ | ᠬᠠᠷᠢᠯᠴᠠᠭᠠᠨ ᠤ ᠤᠬᠠᠭᠠᠨ ᠪᠠᠶᠢᠵᠦ᠂ ᠰᠠᠴᠤᠯᠢ ᠨᠢ ᠢᠯᠡ ᠲᠠᠯᠳᠠ ᠶᠢᠷᠳᠢᠨᠴᠦ ᠶᠢᠨ ᠬᠤᠯᠪᠣᠭᠠᠰᠦ ᠪᠣᠯᠳᠠᠭ᠃ ᠰᠠᠴᠤᠯᠢ ᠶᠢ | ᠬᠦᠭᠡ ᠮᠦᠩᠭᠡ ᠲᠡᠭᠷᠢ ᠡᠴᠢᠭᠡ᠂ ᠬᠦᠷᠦᠰᠤᠳᠦ ᠠᠯᠳᠠᠨ ᠲᠡᠯᠡᠭᠡᠢ ᠡᠳᠤᠭᠡᠨ ᠡᠭᠡ᠂ ᠬᠦᠮᠦᠨ ᠲᠦᠷᠤᠯᠬᠢᠳᠡᠨ ᠤ ᠤᠳᠤᠮ | ᠤᠭᠰᠠᠭ᠎ᠠ ᠶᠢᠨ ᠦᠨᠳᠤᠷ ᠲᠡᠭᠡᠳᠤᠰ ᠲᠡᠭᠡᠨ ᠦᠴᠢᠨ ᠪᠠᠶᠢᠵᠦ ᠡᠷᠭᠦᠳᠡᠭ᠃ | ᠲᠡᠭᠷᠢ ᠪᠣᠯ ᠮᠣᠩᠭᠤᠯᠴᠤᠳ ᠤᠨ ᠲᠡᠭᠡᠳᠦ ᠰᠢᠳᠤᠭᠡᠨ ᠶᠤᠮ᠃ ᠮᠣᠩᠭᠤᠯᠴᠤᠳ ᠤᠨ ᠰᠢᠳᠤᠳᠡᠭ ᠲᠡᠭᠷᠢ ᠳᠤ | ᠮᠦᠩᠭᠡ ᠲᠡᠭᠷᠢ᠂ ᠬᠦᠭᠡ ᠶᠢᠰᠤᠨ ᠲᠡᠭᠷᠢ᠂ ᠶᠡᠷᠨ ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ ᠵᠢᠴᠢ ᠨᠠᠷᠠᠨ ᠰᠠᠷᠠᠨ | ᠣᠳᠣᠳ ᠵᠡᠷᠭᠡ ᠣᠷᠴᠢᠯᠠᠩ ᠤᠨ ᠣᠷᠣᠰᠢᠬᠤᠢ ᠪᠠᠭᠳᠠᠳᠠᠭ᠃ ᠮᠣᠩᠭᠤᠯᠴᠤᠳ ︽ᠲᠡᠭᠷᠢ ᠮᠡᠳᠡᠳᠦᠭᠡᠢ︾᠂ ︽ᠲᠡᠭᠷᠢ ᠮᠢᠨᠢ | ᠦᠷᠤᠰᠢᠶᠡ︾ ᠭᠡᠳᠡᠭ ᠪᠠᠶᠢᠵᠦ᠂ ︽ᠮᠣᠩᠭᠤᠯ ᠤᠨ ᠨᠢᠭᠤᠴᠠ ᠲᠣᠪᠴᠢᠶᠠᠨ︾ ᠳᠤ ᠶᠡᠭᠡ ᠡᠵᠡᠨ ᠴᠢᠩᠬᠢᠰ ᠬᠠᠭᠠᠨ | ᠠᠭᠳᠠ ᠶᠢᠨ ᠵᠢᠯᠣᠭᠤ ᠪᠠᠨ ᠵᠠᠯᠠᠵᠦ᠂ ᠠᠭᠤᠤ ᠲᠦᠷᠦ ᠶᠢ ᠪᠠᠶᠢᠭᠤᠯᠬᠤ ᠳᠠᠭᠠᠨ ︽ᠮᠦᠩᠭᠡ ᠲᠡᠭᠷᠢ ᠶᠢᠨ ᠵᠠᠷᠯᠢᠭ ᠢᠶᠠᠷ︾ | ᠭᠦᠢᠴᠡᠳᠭᠡᠵᠦ᠂ ︽ᠮᠦᠩᠭᠡ ᠲᠡᠭᠷᠢ ᠢᠪᠡᠭᠡᠬᠦ ᠪᠣᠯᠳᠤᠭᠠᠢ︾ ᠭᠡᠵᠦ ᠲᠠᠭᠠᠳᠬᠠᠨ᠂ ᠲᠡᠭᠷᠢ ᠪᠠ ᠮᠦᠩᠭᠡ ᠲᠡᠭᠷᠢ ᠶᠢ ᠣᠯᠠᠨ | ᠴᠦ ᠤᠳᠠᠭ᠎ᠠ ᠲᠠᠭᠤᠳᠠᠭᠰᠠᠨ ᠪᠠᠶᠢᠳᠠᠭ᠃ ᠶᠡᠭᠡ ᠮᠣᠩᠭᠤᠯ ᠤᠯᠤᠰ ᠤᠨ ᠲᠠᠯᠠᠢ ᠬᠠᠭᠠᠨ ᠤ ᠬᠠᠰᠪᠤᠤ ᠲᠠᠮᠠᠭᠠᠨ ᠲᠡᠭᠡᠷ᠎ᠡ ︽ | ᠮᠦᠩᠭᠡ ᠲᠡᠭᠷᠢ ᠶᠢᠨ ᠬᠦᠴᠦᠨ ᠳᠤᠷ ᠮᠣᠩᠭᠤᠯ ᠤᠯᠤᠰ ᠤᠨ ᠲᠠᠯᠠᠢ ᠶᠡᠭᠡ ᠬᠠᠭᠠᠨ ᠤ ᠵᠠᠷᠯᠢᠭ ᠢ ᠢᠯᠡ ᠪᠣᠯᠭᠠᠨ ᠢᠷᠭᠡᠨ ᠳᠤᠷ | ᠬᠦᠷᠭᠡᠪᠡᠰᠦ ᠪᠢᠰᠢᠷᠡᠳᠦᠭᠡᠢ ᠠᠶᠤᠳᠤᠭᠠᠢ︾ ᠭᠡᠵᠦ ᠬᠠᠭᠠᠨ ᠤ ᠵᠠᠷᠯᠢᠭ ᠢ ᠤᠯᠠᠮᠵᠢᠯᠠᠪᠠ᠃ ᠢᠩᠬᠢᠵᠦ ᠡᠭᠡᠯ ᠵᠢᠷ ᠤᠨ ᠠᠷᠠᠳ | ᠢᠷᠭᠡᠳ ᠠᠴᠠ ᠶᠡᠭᠡ ᠡᠵᠡᠨ ᠴᠢᠩᠬᠢᠰ ᠬᠠᠭᠠᠨ ᠬᠦᠷᠳᠡᠯ᠎ᠡ ᠶᠠᠮᠠᠷᠪᠠ ᠤᠶᠢᠯᠡ ᠶᠢ ᠬᠢᠬᠦ ᠳᠤ ᠮᠦᠩᠭᠡ ᠲᠡᠭᠷᠢ ᠶᠢᠨ ᠢᠪᠡᠭᠡᠯ ᠳᠤ | ᠲᠠᠭᠠᠳᠬᠠᠵᠦ᠂ ᠮᠦᠩᠭᠡ ᠲᠡᠭᠷᠢ ᠶᠢᠨ ᠡᠷᠭᠡᠨ ᠳᠤ ᠭᠦᠢᠴᠡᠳᠭᠡᠵᠦ᠂ ᠮᠦᠩᠭᠡ ᠲᠡᠭᠷᠢ ᠶᠢᠨ ᠬᠦᠴᠦᠨ ᠳᠤ ᠲᠠᠯᠠᠷᠬᠠᠳᠠᠭ᠃ | ᠮᠣᠩᠭᠤᠯᠴᠤᠳ ᠤᠨ ᠰᠢᠳᠤᠳᠡᠭ ᠡᠨᠡ ᠬᠦ ᠠᠤᠭ᠎ᠠ ᠬᠦᠴᠦᠳᠦ ᠮᠦᠩᠭᠡ ᠲᠡᠭᠷᠢ ᠪᠣᠯ ᠣᠷᠴᠢᠯᠠᠩ ᠤᠨ ᠨᠠᠷᠠ | ᠲᠡᠯᠡᠭᠡᠢ ᠲᠡᠭᠡᠷ᠎ᠡ ᠲᠣᠰᠤᠭᠰᠠᠨ ᠭᠡᠷᠡᠯ ᠤᠨ ᠡᠷᠴᠢᠮ ᠬᠦᠴᠦᠨ ᠤ ᠲᠡᠭᠡᠳᠦ ᠨᠢᠭᠡᠳᠦᠯ ᠪᠣᠯᠣᠨ᠎ᠠ᠃ ᠡᠨᠡ ᠨᠢ ᠪᠠᠶᠢᠭᠠᠯᠢ ᠲᠡᠯᠡᠭᠡᠢ | ᠂ ᠬᠦᠮᠦᠨ᠂ ᠠᠮᠢᠳᠠᠨ᠂ ᠤᠷᠭᠤᠮᠠᠯ ᠪᠦᠬᠦᠨ ᠢ ᠠᠯᠠᠭᠴᠢᠯᠠᠯ ᠦᠭᠡᠢ ᠢᠪᠡᠭᠡᠵᠦ᠂ ᠠᠮᠢ ᠨᠠᠰᠦ ᠣᠯᠭᠤᠵᠦ ᠦᠭᠳᠡᠭ ᠠᠴᠠ | ᠮᠣᠩᠭᠤᠯᠴᠤᠳ ᠮᠦᠩᠭᠡ ᠲᠡᠭᠷᠢ ᠶᠢ ᠲᠡᠭᠡᠳᠤᠯᠡᠨ ᠰᠢᠳᠤᠳᠡᠭ ᠮᠦᠷᠳᠡᠭᠡᠨ ᠦᠪᠡᠷ ᠤᠨ ᠵᠦᠩ ᠪᠢᠯᠢᠭ᠂ ᠰᠡᠷᠡᠯ ᠮᠡᠳᠡᠷᠡᠮᠵᠢ᠂ | ᠰᠡᠳᠬᠢᠯ ᠵᠢᠷᠦᠭᠡ ᠪᠠᠷ ᠢᠶᠠᠨ ᠲᠡᠭᠷᠢ ᠲᠠᠢ ᠬᠠᠷᠢᠴᠠᠳᠠᠭ᠃ ᠢᠩᠬᠢᠬᠦ ᠳᠡᠭᠡᠨ ᠬᠦᠮᠦᠰ ᠤᠨ ᠦᠭᠡ ᠭᠡᠯᠡ᠂ ᠤᠶᠢᠯᠡ ᠠᠵᠢᠯᠯᠠᠭ᠎ᠠ᠂ | ᠰᠡᠳᠬᠢᠯ ᠰᠠᠨᠠᠭ᠎ᠠ ᠪᠦᠬᠦ ᠵᠦᠢᠯ ᠶᠢᠷᠳᠢᠨᠴᠦ ᠶᠢᠨ ᠵᠢᠮ᠎ᠡ ᠶᠣᠰᠣ ᠲᠠᠢ ᠨᠢᠭᠡᠨ ᠵᠦᠭ᠂ ᠨᠢᠭᠡᠨ ᠴᠢᠭᠯᠡᠯ ᠳᠤ ᠬᠠᠨᠳᠤᠭᠰᠠᠨ | ᠦᠶ᠎ᠡ ᠳᠤ ᠣᠷᠴᠢᠯᠠᠩ ᠤᠨ ᠡᠷᠴᠢᠮ ᠬᠦᠴᠦ ᠶᠢ ᠡᠶᠡᠷᠬᠦ ᠪᠠᠷ ᠬᠦᠯᠢᠶᠡᠨ ᠠᠪᠴᠦ᠂ ᠪᠦᠬᠦ ᠵᠦᠢᠯ ᠨᠢ ᠤᠯᠠᠮ ᠲᠡᠭᠵᠢᠷᠡᠨ | ᠪᠠᠳᠠᠷᠠᠬᠤ ᠶᠢ ᠮᠣᠩᠭᠤᠯᠴᠤᠳ ᠮᠦᠩᠭᠡ ᠲᠡᠭᠷᠢ ᠳᠤ ᠢᠪᠡᠭᠡᠭᠳᠡᠯᠡ ᠭᠡᠳᠡᠭ᠃ ᠡᠭᠦᠨ ᠤ ᠡᠰᠡᠷᠬᠦ ᠪᠠᠷ ᠶᠢᠷᠳᠢᠨᠴᠦ ᠶᠢᠨ ᠵᠢᠮ᠎ᠡ | ᠶᠣᠰᠣ ᠶᠢ ᠲᠡᠷᠰᠯᠡᠵᠦ᠂ ᠭᠡᠷᠡᠯ ᠤᠨ ᠡᠷᠴᠢᠮ ᠬᠦᠴᠦᠨ ᠤ ᠡᠰᠡᠷᠭᠦ᠂ ᠪᠠᠶᠢᠭᠠᠯᠢ ᠲᠡᠯᠡᠭᠡᠢ ᠶᠢᠨ ᠵᠢᠮ᠎ᠡ ᠶᠣᠰᠣ ᠶᠢ ᠰᠦᠷᠬᠦ | ᠲᠣᠳᠣᠮ ᠪᠦᠬᠦ ᠵᠦᠢᠯ ᠨᠢ ᠪᠦᠳᠤᠯ ᠦᠭᠡᠶᠢᠳᠡᠵᠦ ᠡᠴᠤᠰ ᠲᠡᠭᠡᠨ ᠮᠠᠭᠤ ᠦᠷ᠎ᠡ ᠳ᠋ᠦᠩ ᠳᠤ ᠬᠦᠷᠬᠦ ᠶᠢ ᠮᠦᠩᠭᠡ ᠲᠡᠭᠷᠢ ᠶᠢᠨ | ᠭᠡᠰᠭᠡᠯ ᠭᠡᠳᠡᠭ᠃ ᠣᠷᠴᠢᠯᠠᠩ ᠤᠨ ᠭᠡᠷᠡᠯ ᠤᠨ ᠡᠷᠴᠢᠮ ᠬᠦᠴᠦ ᠲᠤᠰ ᠲᠤᠰ ᠤᠨ ᠢᠯᠭᠠᠭ᠎ᠠ ᠲᠠᠢ ᠪᠠᠶᠢᠳᠠᠭ ᠠᠴᠠ ᠶᠡᠷᠡ | ᠶᠢᠰᠤᠨ ᠲᠡᠭᠷᠢ᠂ ᠭᠤᠴᠢᠨ ᠭᠤᠷᠪᠠᠨ ᠬᠤᠷᠮᠣᠰᠳᠠ᠂ ᠬᠦᠭᠡ ᠶᠢᠰᠤᠨ ᠲᠡᠭᠷᠢ ᠭᠡᠵᠦ ᠢᠯᠭᠠᠨ ᠨᠡᠷᠡᠯᠡᠵᠦ᠂ ᠲᠡᠭᠦᠨ ᠲᠠᠢ | ᠦᠪᠡᠷ ᠦᠪᠡᠷ ᠤᠨ ᠬᠦᠰᠡᠯ ᠱᠠᠭᠠᠷᠳᠠᠯᠭ᠎ᠠ ᠪᠠᠷ ᠬᠠᠷᠢᠴᠠᠳᠠᠭ ᠠᠵᠢ᠃ ᠢᠩᠬᠢᠵᠦ ᠣᠷᠴᠢᠯᠠᠩ ᠤᠨ ᠭᠡᠷᠡᠯ ᠤᠨ ᠡᠷᠴᠢᠮ | ᠬᠦᠴᠦ ᠶᠢ ᠲᠠᠨᠢᠵᠦ᠂ ᠲᠡᠭᠡᠳᠤᠯᠡᠵᠦ᠂ ᠰᠢᠳᠤᠵᠦ᠂ ᠣᠷᠴᠢᠯᠠᠩ ᠤᠨ ᠡᠷᠴᠢᠮ ᠬᠦᠴᠦ ᠪᠠᠷ ᠤᠶᠤᠨ ᠰᠠᠨᠠᠭ᠎ᠠ ᠪᠠᠨ ᠲᠡᠵᠢᠭᠡᠨ | ᠲᠡᠳᠬᠦᠬᠦ ᠬᠦᠨᠡᠰᠦ ᠲᠡᠵᠢᠭᠡᠯ ᠪᠣᠯᠭᠠᠨ᠂ ᠣᠷᠴᠢᠯᠠᠩ ᠤᠨ ᠵᠢᠮ᠎ᠡ ᠶᠣᠰᠣᠨ ᠳᠤ ᠵᠣᠬᠢᠴᠠᠨ ᠠᠮᠢᠳᠤᠷᠠᠬᠤ ᠤᠬᠠᠭᠠᠨ ᠢ | ᠮᠣᠩᠭᠤᠯᠴᠤᠳ ᠤᠨ ᠲᠡᠭᠷᠢ ᠶᠢᠨ ᠤᠬᠠᠭᠠᠨ ᠪᠣᠶᠣ ᠲᠡᠭᠷᠢ ᠰᠢᠳᠤᠯᠭᠡ ᠭᠡᠵᠦ᠂ ᠲᠡᠭᠷᠢ ᠶᠢᠨ ᠭᠡᠷᠡᠯ ᠤᠨ ᠡᠷᠴᠢᠮ ᠬᠦᠴᠦ ᠪᠠᠷ | ᠬᠦᠮᠦᠨ ᠠᠮᠢᠳᠠᠨ᠂ ᠲᠦᠮᠡᠨ ᠪᠤᠳᠠᠰ ᠠᠮᠢ ᠨᠠᠰᠦ ᠶᠢ ᠣᠯᠳᠠᠭ ᠪᠣᠯᠬᠤᠷ ᠲᠡᠭᠷᠢ ᠡᠴᠢᠭᠡ ᠭᠡᠵᠦ᠂ ᠠᠯᠢᠪᠠ ᠪᠦᠬᠦᠨ ᠭᠠᠵᠠᠷ | ᠲᠡᠭᠡᠷ᠎ᠡ ᠠᠮᠢᠯᠠᠵᠦ ᠪᠤᠶᠢᠵᠢᠳᠠᠭ ᠪᠣᠯᠬᠤᠷ ᠬᠦᠷᠤᠰᠤᠳᠦ ᠠᠯᠳᠠᠨ ᠲᠡᠯᠡᠭᠡᠢ ᠶᠢ ᠡᠳᠤᠭᠡᠨ ᠡᠭᠡ ᠭᠡᠳᠡᠭ ᠰᠠᠨ᠃ | ᠡᠭᠡ ᠲᠡᠯᠡᠭᠡᠢ ᠲᠡᠭᠡᠷ᠎ᠡ ᠠᠮᠢ ᠨᠠᠰᠦ ᠲᠣᠭᠳᠠᠨᠢᠵᠦ᠂ ᠠᠮᠢᠳᠠᠨ ᠤᠷᠭᠤᠮᠠᠯ ᠦᠰᠴᠦ ᠲᠦᠯᠵᠢᠳᠡᠭ ᠪᠣᠯᠬᠤᠷ | ᠮᠣᠩᠭᠤᠯᠴᠤᠳ ᠠᠭᠤᠯᠠ ᠬᠠᠶᠢᠷᠬᠠᠳ᠂ ᠭᠤᠤᠯ ᠮᠦᠷᠡᠨ᠂ ᠭᠤᠪᠢ ᠬᠠᠩᠭᠠᠢ᠂ ᠪᠠᠶᠢᠭᠠᠯᠢ ᠠᠬᠤᠢ ᠪᠠᠨ ᠬᠠᠶᠢᠷᠠᠯᠠᠵᠦ᠂ | ᠬᠠᠮᠠᠭᠠᠯᠠᠵᠦ᠂ ᠨᠤᠳᠤᠭ ᠤᠰᠤᠨ ᠤ ᠡᠵᠡᠨ ᠰᠠᠪᠳᠠᠭ᠂ ᠣᠪᠣᠭ᠎ᠠ ᠱᠠᠩᠰᠢ ᠪᠠᠨ ᠲᠡᠭᠡᠳᠤᠯᠠᠨ ᠰᠢᠳᠤᠵᠦ᠂ ᠲᠡᠷᠡ ᠪᠦᠬᠦᠨ ᠲᠠᠢ | ᠡᠪᠯᠡᠨ ᠡᠪᠰᠡᠵᠦ᠂ ᠵᠦᠪ ᠤᠶᠢᠯᠠᠭᠠᠵᠦ᠂ ᠵᠦᠢᠳᠠᠢ ᠬᠠᠷᠢᠴᠠᠵᠦ ᠵᠤᠭᠢᠴᠠᠨ ᠤᠷᠤᠰᠢᠵᠤ ᠨᠡᠭᠦᠲᠡᠯᠯᠡᠨ ᠶᠠᠪᠤᠳᠠᠭ ᠠᠮᠢᠳᠤᠷᠠᠯ | ᠣᠷᠣᠰᠢᠬᠤᠢ ᠶᠢᠨ ᠤᠬᠠᠭᠠᠨ ᠢ ᠨᠡᠭᠦᠳᠡᠯ ᠰᠣᠶᠣᠯ ᠤᠨ ᠤᠬᠠᠭᠠᠨ ᠭᠡᠳᠡᠭ᠃ ᠰᠤᠷᠬᠠᠭᠳᠠᠨᠢ ᠪᠠᠬᠢ ᠴᠡᠴᠡᠨ ᠬᠠᠳᠤᠨ ︽ᠬᠦᠭᠡ | ᠮᠣᠩᠭᠤᠯ ᠤᠨ ᠨᠡᠭᠦᠳᠡᠯ ᠰᠣᠶᠣᠯ ᠢᠶᠠᠷ ᠪᠠᠳᠠᠷᠠᠭᠠᠬᠤ ᠶᠡᠭᠡ ᠵᠠᠰᠠᠭ ᠤᠨ ᠠᠯᠳᠠᠨ ᠲᠡᠭᠡᠳᠦ ᠭᠡᠷ᠎ᠡ︾ ᠳᠤ ︽ᠠᠯᠳᠠᠨ ᠲᠡᠭᠡᠳᠦ | ᠭᠡᠷ᠎ᠡ ᠨᠢ ᠶᠡᠭᠡ ᠵᠠᠰᠠᠭ ᠤᠨ ᠡᠭᠡ ᠪᠣᠯᠵᠦ᠂ ᠠᠷᠠᠳ ᠲᠦᠮᠡᠨ ᠤ ᠬᠤᠷ᠎ᠠ ᠰᠣᠶᠣᠯ ᠢ ᠴᠢᠩᠬᠢᠰ ᠬᠠᠭᠠᠨ ᠤᠯᠤᠰ ᠤᠨ ᠶᠡᠭᠡ | ᠭᠡᠷ᠎ᠡ ᠪᠣᠯᠭᠠᠵᠦ ᠮᠦᠷᠯᠡᠨ ᠪᠠᠶᠢᠵᠦ᠂ ᠶᠢᠰᠤᠨ ᠮᠦᠷᠡᠨ᠂ ᠭᠤᠴᠢᠨ ᠭᠤᠷᠪᠠᠨ ᠭᠤᠪᠢ᠂ ᠬᠤᠷᠢ ᠶᠢᠰᠤᠨ ᠬᠠᠩᠭᠠᠢ ᠳᠤ | ᠲᠡᠯᠡᠭᠡᠶᠢᠴᠢᠯᠡᠭᠰᠡᠨ ᠲᠡᠤᠭᠡ ᠲᠠᠢ ᠪᠢᠯᠡ︾ ᠭᠡᠵᠦ ᠲᠡᠮᠳᠡᠭᠯᠡᠭᠰᠡᠨ ᠠᠴᠠ ᠦᠵᠡᠪᠡᠯ᠂ ᠶᠢᠰᠤᠨ ᠮᠦᠷᠡᠨ᠂ ᠬᠤᠷᠢ ᠶᠢᠰᠤᠨ | ᠬᠠᠩᠭᠠᠢ᠂ ᠭᠤᠴᠢᠨ ᠭᠤᠷᠪᠠᠨ ᠭᠤᠪᠢ ᠵᠢᠴᠢ ᠬᠠᠶᠢᠷᠬᠠᠳ ᠲᠣᠯᠣᠭᠠᠳ ᠣᠪᠣᠭ᠎ᠠ ᠶᠢ ᠪᠠᠭᠳᠠᠭᠠᠭᠰᠠᠨ ᠶᠡᠭᠡ ᠮᠣᠩᠭᠤᠯ ᠤᠨ | ᠨᠤᠳᠤᠭ ᠲᠡᠪᠢᠰᠭᠡᠷ ᠢ ᠨᠡᠭᠦᠳᠡᠯ ᠰᠣᠶᠣᠯ ᠤᠨ ᠤᠬᠠᠭᠠᠨ ᠢᠶᠠᠷ ᠲᠡᠯᠡᠭᠡᠶᠢᠴᠢᠯᠡᠨ ᠡᠷᠭᠡᠰᠢᠶᠡᠵᠦ᠂ ᠲᠡᠷᠡ ᠤᠬᠠᠭᠠᠨ ᠢᠶᠠᠨ ᠶᠡᠭᠡ | ᠡᠵᠡᠨ ᠴᠢᠩᠬᠢᠰ ᠬᠠᠭᠠᠨ ᠶᠡᠭᠡ ᠵᠠᠰᠠᠭ ᠬᠠᠤᠯᠢ ᠪᠣᠯᠭᠠᠨ ᠭᠡᠷᠡᠭᠵᠢᠭᠦᠯᠵᠦ ᠪᠠᠶᠢᠵᠠᠢ᠃ ᠢᠩᠬᠢᠬᠦ ᠳᠡᠭᠡᠨ ᠮᠣᠩᠭᠤᠯᠴᠤᠳ | ᠲᠡᠭᠷᠢ ᠶᠢᠨ ᠭᠡᠷᠡᠯ᠂ ᠭᠠᠵᠠᠷ ᠤᠨ ᠰᠢᠨᠵᠢ ᠶᠢ ᠵᠦᠩ ᠪᠢᠯᠢᠭ ᠢᠶᠠᠷ ᠢᠶᠠᠨ ᠰᠢᠨᠵᠢᠵᠦ᠂ ᠲᠡᠭᠷᠢ ᠶᠢᠨ ᠭᠡᠷᠡᠯ᠂ ᠣᠷᠴᠢᠯᠠᠩ ᠤᠨ | ᠵᠢᠮ᠎ᠡ᠂ ᠭᠠᠵᠠᠷ ᠤᠨ ᠶᠣᠰᠣᠨ ᠢ ᠡᠪᠳᠡᠬᠦ ᠳᠤ ᠬᠦᠷᠪᠡᠯ ᠵᠣᠪᠠᠯᠠᠩ ᠲᠠᠭᠤᠳᠠᠳᠠᠭ ᠢ ᠤᠬᠠᠳᠠᠭ ᠪᠠᠶᠢᠭᠰᠠᠨ ᠠᠴᠠ ᠨᠡᠭᠦᠳᠡᠯ | ᠰᠣᠶᠣᠯ ᠤᠨ ᠤᠬᠠᠭᠠᠨ ᠪᠣᠯ ᠬᠦᠮᠦᠨ ᠠᠮᠢᠳᠠᠨ᠂ ᠤᠷᠭᠤᠮᠠᠯ ᠪᠤᠳᠠᠰ᠂ ᠨᠠᠷᠠ ᠰᠠᠷ᠎ᠠ᠂ ᠣᠷᠴᠢᠯᠠᠩ ᠲᠡᠯᠡᠭᠡᠢ ᠶᠢ ᠨᠢᠭᠡ | ᠴᠣᠭᠴᠠ ᠪᠣᠯᠭᠠᠨ ᠨᠢᠭᠡᠳᠭᠡᠵᠦ᠂ ᠲᠡᠭᠦᠨ ᠤ ᠵᠢᠮ᠎ᠡ ᠶᠣᠰᠣᠨ ᠳᠤ ᠵᠤᠬᠢᠴᠠᠨ ᠣᠷᠣᠰᠢᠬᠤ ᠶᠢ ᠪᠠᠷᠢᠮᠳᠠᠯᠠᠭᠰᠠᠨ ᠠᠴᠠ ᠰᠠᠴᠤᠯᠢ | ᠡᠷᠭᠦᠬᠦ ᠶᠣᠰᠣᠨ ᠶᠠᠭ ᠡᠨᠡ ᠬᠦ ᠤᠬᠠᠭᠠᠨ ᠤ ᠲᠣᠳᠣᠷ᠎ᠠ ᠠᠴᠠ ᠤᠷᠭᠤᠨ ᠭᠠᠷᠴᠠᠢ᠃ ᠡᠶᠢᠨ ᠬᠦ ᠮᠦᠩᠭᠡ ᠲᠡᠭᠷᠢ ᠶᠢᠨ ᠭᠡᠷᠡᠯ᠂ | ᠬᠦᠮᠦᠨ ᠳᠤ ᠦᠨᠢ ᠮᠦᠩᠭᠡ ᠶᠢᠨ ᠠᠮᠢᠨ ᠴᠢᠨᠠᠷ ᠰᠦᠨᠡᠰᠦ ᠶᠢ ᠣᠯᠭᠤᠳᠠᠭ᠃ ᠲᠡᠷᠡ ᠭᠡᠭᠡᠨ ᠰᠦᠨᠡᠰᠦ ᠣᠩᠭᠤᠳ ᠲᠡᠭᠷᠢ | ᠪᠣᠯᠵᠦ᠂ ᠲᠡᠭᠷᠢ ᠶᠢᠨ ᠣᠷᠣᠨ ᠳᠠᠭᠠᠨ ᠣᠷᠣᠰᠢᠵᠦ᠂ ᠤᠳᠤᠮ ᠤᠭᠰᠠᠭ᠎ᠠ ᠶᠢᠨ ᠦᠷ᠎ᠡ ᠬᠤᠶᠢᠴᠢᠰ ᠲᠠᠢ ᠪᠠᠨ ᠬᠤᠯᠪᠣᠭ᠎ᠠ ᠲᠠᠢ | ᠪᠠᠶᠢᠳᠠᠭ ᠭᠡᠵᠦ ᠦᠵᠡᠳᠡᠭ ᠠᠴᠠ ᠲᠡᠳᠡᠭᠡᠷ ᠲᠡᠭᠡᠳᠦ ᠤᠶᠤᠨ ᠤᠬᠠᠭᠠᠨ ᠪᠣᠯᠬᠤ ᠣᠩᠭᠤᠳ ᠢ ᠲᠡᠭᠷᠢ ᠶᠢ ᠤᠯᠠᠭᠠᠴᠢ ᠶᠢᠨ | ᠪᠡᠶ᠎ᠡ ᠳᠤ ᠪᠠᠭᠤᠯᠭᠠᠨ ᠢᠷᠡᠭᠦᠯᠬᠦ ᠪᠣᠶᠣ ᠡᠰᠡᠬᠦᠯ᠎ᠡ ᠲᠡᠭᠷᠢ ᠶᠢᠨ ᠣᠷᠣᠨ ᠳᠠᠬᠢ ᠲᠡᠳᠡᠭᠡᠷ ᠲᠡᠭᠡᠳᠤᠰ ᠤᠨ ᠢᠶᠠᠨ ᠤᠶᠤᠨ | ᠤᠬᠠᠭᠠᠨ ᠢ ᠬᠦᠨᠳᠤᠯᠠᠵᠦ᠂ ᠲᠡᠭᠡᠳᠤᠯᠡᠵᠦ᠂ ᠲᠠᠶᠢᠯᠵᠦ᠂ ᠲᠠᠬᠢᠵᠦ᠂ ᠪᠠᠶᠠᠰᠬᠠᠵᠦ᠂ ᠬᠠᠷᠠᠵᠦ ᠲᠠᠭᠠᠭᠠᠬᠤ ᠪᠣᠶᠣ ᠢᠪᠡᠭᠡᠯ | ᠦᠷᠤᠰᠢᠶᠡᠯ ᠢᠶᠠᠨ ᠬᠦᠷᠳᠡᠭᠡᠬᠦ ᠶᠢ ᠭᠤᠶᠤᠵᠦ ᠲᠠᠭᠠᠳᠬᠠᠨ᠂ ᠦᠪᠡᠷ ᠤᠨ ᠤᠷᠤᠭ ᠤᠳᠤᠮ ᠤᠨ ᠦᠨᠳᠤᠷ | ᠲᠡᠭᠡᠳᠤᠰ ᠤᠨ ᠢᠶᠠᠨ ᠤᠬᠠᠭᠠᠨ᠂ ᠤᠶᠤᠨ᠂ ᠵᠦᠩ ᠢ ᠨᠢ ᠤᠯᠠᠮᠵᠢᠯᠠᠨ ᠠᠪᠴᠦ ᠦᠷ᠎ᠡ ᠬᠤᠶᠢᠴᠢᠰ ᠲᠠᠭᠠᠨ | ᠵᠠᠯᠭᠠᠮᠵᠢᠯᠠᠭᠤᠯᠵᠦ ᠭᠡᠭᠡᠷᠡᠵᠦ ᠠᠮᠢᠳᠤᠷᠠᠬᠤ ᠶᠢ ᠵᠣᠷᠢᠳᠠᠭ᠃ ᠶᠡᠭᠡ ᠡᠵᠡᠨ ᠴᠢᠩᠬᠢᠰ ᠬᠠᠭᠠᠨ᠂ ᠲᠣᠯᠣᠭᠠᠨ ᠲᠡᠭᠡᠳᠦ | ᠡᠴᠢᠭᠡ ᠶᠢᠨ ᠢᠶᠠᠨ ᠨᠠᠢᠮᠠᠨ ᠤᠶᠤᠨ᠂ ᠶᠢᠰᠤᠨ ᠤᠬᠠᠭᠠᠨ᠂ ᠠᠷᠪᠠᠨ ᠬᠤᠶᠠᠷ ᠵᠦᠩ ᠢᠶᠠᠷ ᠭᠡᠭᠡᠷᠡᠵᠦ᠂ ᠮᠠᠨ ᠤ ᠡᠪᠦᠭᠡ | ᠲᠡᠭᠡᠳᠤᠰ ᠪᠣᠯᠬᠤ ᠶᠡᠷᠡᠨ ᠲᠠᠪᠤᠨ ᠲᠦᠮᠡᠨ ᠠᠷᠠᠳ ᠢᠷᠭᠡᠳ ᠢᠶᠠᠨ ᠤᠳᠤᠷᠢᠳᠤᠨ ᠣᠷᠣᠰᠢᠬᠤᠢ ᠶᠢᠨ ᠲᠦᠪᠰᠢᠨ ᠰᠠᠶᠢᠬᠠᠨ ᠢ | ᠪᠦᠳᠦᠭᠡᠭᠰᠡᠨ ᠶᠤᠮ᠃ ᠶᠡᠭᠡ ᠬᠠᠭᠠᠨ ᠢᠩᠬᠢᠵᠦ ᠦᠨᠳᠤᠷ ᠲᠡᠭᠡᠳᠤᠰ ᠤᠨ ᠢᠶᠠᠨ ᠤᠶᠤᠨ ᠤᠬᠠᠭᠠᠨ ᠢ ᠦᠪᠯᠡᠵᠦ᠂ | ᠤᠯᠤᠰ ᠢᠶᠠᠨ ᠵᠠᠰᠠᠳᠠᠭ ᠪᠣᠯ ᠡ᠊ᠩ ᠤᠨ ᠠᠷᠠᠳ ᠢᠷᠭᠡᠳ ᠦᠪᠡᠷ ᠤᠨ ᠲᠣᠯᠣᠭᠠᠨ ᠲᠡᠭᠡᠳᠦ ᠡᠴᠢᠭᠡ ᠶᠢᠨ ᠤᠶᠤᠨ ᠤᠬᠠᠭᠠᠨ᠂ | ᠵᠦᠩ ᠪᠢᠯᠢᠭ ᠢᠶᠠᠷ ᠭᠡᠭᠡᠷᠡᠵᠦ ᠭᠡᠷ ᠢᠶᠠᠨ ᠵᠠᠰᠠᠳᠠᠭ ᠪᠠᠶᠢᠪᠠ᠃ ᠢᠩᠬᠢᠵᠦ ᠦᠪᠡᠷ ᠤᠨ ᠤᠳᠤᠮ ᠤᠭᠰᠠᠭ᠎ᠠ ᠶᠢᠨ ᠦᠨᠳᠤᠷ | ᠲᠡᠭᠡᠳᠤᠰ ᠲᠡᠭᠡᠨ ᠦᠪᠡᠷ ᠤᠨ ᠪᠦᠬᠦ ᠢᠳᠡᠭᠡᠯ᠂ ᠰᠡᠳᠬᠢᠯ ᠬᠦᠰᠡᠯ ᠢᠶᠠᠨ ᠢᠯᠡᠳᠭᠡᠬᠦ ᠪᠣᠶᠣ ᠲᠡᠳᠡᠨ ᠲᠠᠢ ᠪᠠᠨ | ᠬᠤᠯᠪᠣᠭᠳᠠᠬᠤ ᠳᠤ ᠮᠦᠨ ᠰᠠᠴᠤᠯᠢ ᠡᠷᠭᠦᠵᠦ ᠪᠣᠳᠣᠯ ᠢᠶᠠᠨ ᠦᠴᠢᠳᠡᠭ ᠪᠢᠯᠡ᠃ ᠡᠶᠢᠨ ᠬᠦ ᠠᠮᠢ ᠠᠮᠢᠳᠤᠷᠠᠯ ᠢ ᠦᠭᠭᠦᠭᠴᠢ | ᠮᠦᠩᠭᠡ ᠲᠡᠭᠷᠢ᠂ ᠠᠬᠤᠢ ᠣᠷᠣᠰᠢᠬᠤᠢ ᠶᠢ ᠪᠣᠢ ᠪᠣᠯᠭᠠᠭᠴᠢ ᠠᠯᠳᠠᠨ ᠲᠡᠯᠡᠭᠡᠢ ᠳᠤ ᠬᠦᠮᠦᠨ ᠤ ᠲᠡᠭᠡᠳᠦ ᠤᠶᠤᠨ ᠤᠬᠠᠭᠠᠨ | ᠵᠦᠪ ᠪᠠᠶᠢᠭᠰᠠᠨ ᠦᠶ᠎ᠡ ᠳᠤ ᠠᠮᠢᠳᠤᠷᠠᠯ ᠡᠷᠡᠭᠦᠯ ᠰᠠᠷᠠᠭᠤᠯ ᠵᠦᠪ ᠲᠣᠭᠳᠠᠯᠴᠠᠭ᠎ᠠ ᠶᠢ ᠪᠣᠢ ᠪᠣᠯᠭᠠᠵᠦ᠂ ᠬᠦᠭᠡ ᠮᠦᠩᠭᠡ | ᠲᠡᠭᠷᠢ ᠳᠤ ᠢᠪᠡᠭᠡᠭᠳᠡᠵᠦ᠂ ᠬᠦᠷᠤᠰᠤᠳᠦ ᠠᠯᠳᠠᠨ ᠲᠡᠯᠡᠭᠡᠢ ᠳᠤ ᠲᠡᠳᠬᠦᠭᠳᠡᠨ᠂ ᠬᠦᠮᠦᠨ ᠲᠦᠷᠤᠯᠬᠢᠳᠡᠨ ᠤ ᠡ᠊ᠩᠭᠡ | ᠠᠮᠤᠭᠤᠯᠠᠩ ᠲᠣᠭᠳᠠᠨᠢᠳᠠᠭ ᠶᠤᠮ᠃ | ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠣᠯ ᠶᠠᠭ ᠡᠨᠡ ᠬᠦ ᠲᠡᠭᠷᠢ᠂ ᠭᠠᠵᠠᠷ᠂ ᠬᠦᠮᠦᠨ ᠭᠤᠷᠪᠠ ᠶᠢ | ᠬᠤᠯᠪᠣᠵᠦ ᠪᠠᠶᠢᠭ᠎ᠠ ᠤᠶᠢᠯᠡ ᠪᠣᠯᠣᠨ᠎ᠠ᠃ ᠮᠣᠩᠭᠤᠯ ᠤᠯᠠᠮᠵᠢᠯᠠᠯ ᠳᠤ ᠭᠡᠷ ᠤᠨ ᠡᠵᠡᠭᠳᠡᠢ ᠦᠷᠯᠤᠭᠡ ᠶᠢᠨ ᠴᠠᠢ ᠪᠠᠨ | ᠴᠢᠨᠠᠭᠠᠳ ᠲᠡᠭᠡᠵᠢ ᠶᠢ ᠨᠢ ᠠᠪᠴᠦ ︽ᠲᠡᠭᠷᠢ᠂ ᠬᠠᠩᠭᠠᠢ᠂ ᠲᠡᠭᠡᠳᠤᠰ ᠮᠢᠨᠢ︕︾ ᠭᠡᠵᠦ ᠡᠷᠭᠦᠳᠡᠭ ᠪᠠ ᠦᠨᠢᠶ᠎ᠡ ᠪᠠᠨ | ᠰᠠᠭᠠᠮᠠᠭᠴᠠ ᠡᠪᠡᠰᠤᠨ ᠲᠣᠯᠣᠭᠠᠢ ᠶᠢ ᠨᠢ ᠠᠪᠤᠭᠠᠳ ᠰᠠᠭᠤᠯᠠᠭ᠎ᠠ ᠲᠠᠢ ᠰᠦ ᠳᠡᠭᠡᠨ ᠲᠦᠷᠦᠵᠦ ᠲᠡᠭᠷᠢ᠂ ᠭᠠᠵᠠᠷ᠂ | ᠲᠡᠭᠡᠳᠤᠰ ᠲᠡᠭᠡᠨ ᠡᠷᠭᠦᠳᠡᠭ ᠨᠢ ᠡ᠊ᠩ ᠤᠨ ᠠᠮᠢᠳᠤᠷᠠᠯ ᠤᠨ ᠭᠡᠪᠰᠢᠭᠰᠡᠨ ᠵᠠᠩᠰᠢᠯ ᠶᠤᠮ᠃ ᠡᠭᠦᠨ ᠠᠴᠠ ᠭᠠᠳᠠᠨ᠎ᠠ᠂ ᠠᠯᠢ | ᠱᠠᠭᠠᠷᠳᠠᠯᠭ᠎ᠠ ᠲᠠᠢ ᠦᠶ᠎ᠡ ᠳᠡᠭᠡᠨ ᠶᠢᠰᠤᠨ ᠨᠢᠳᠦ ᠲᠠᠢ ᠰᠠᠴᠤᠯᠢ ᠪᠠᠷ ᠰᠠᠴᠤᠯᠢ ᠡᠷᠭᠦᠵᠦ᠂ ᠰᠠᠨᠠᠭᠰᠠᠨ ᠬᠦᠰᠡᠯ ᠢᠶᠠᠨ | ᠲᠠᠭᠠᠳᠬᠠᠬᠤ ᠲᠤᠰᠬᠠᠢ ᠤᠶᠢᠯᠡ ᠶᠢ ᠬᠢᠳᠡᠭ ᠪᠠ ᠪᠦᠭᠡ ᠪᠦᠭᠡᠯᠡᠬᠦ᠂ ᠲᠠᠬᠢᠯᠭ᠎ᠠ ᠲᠠᠶᠢᠯᠭ᠎ᠠ ᠬᠢᠬᠦ ᠳᠤ ᠵᠠᠪᠠᠯ ᠤᠷᠢᠳ ᠢᠶᠠᠷ | ᠰᠠᠴᠤᠯᠢ ᠡᠷᠭᠦᠳᠡᠭ᠃ ᠶᠠᠮᠠᠷ ᠴᠦ ᠦᠶ᠎ᠡ ᠳᠤ ᠪᠦᠷ ᠠᠳᠠᠯᠢᠬᠠᠨ ᠤᠷᠢᠳ ᠢᠶᠠᠷ ᠬᠦᠭᠡ ᠮᠦᠩᠭᠡ ᠲᠡᠭᠷᠢ᠂ ᠲᠠᠷᠠᠭᠠᠯᠠᠨ | ᠬᠦᠷᠤᠰᠤᠳᠦ ᠠᠯᠳᠠᠨ ᠲᠡᠯᠡᠭᠡᠢ᠂ ᠬᠤᠶᠢᠨ᠎ᠠ ᠠᠴᠠ ᠨᠢ ᠤᠳᠤᠮ ᠤᠨ ᠦᠨᠳᠤᠷ ᠲᠡᠭᠡᠳᠤᠰ ᠢᠶᠠᠨ ᠨᠡᠷᠡᠯᠡᠨ ᠲᠠᠭᠤᠳᠠᠵᠦ ᠬᠢᠵᠦ | ᠪᠠᠶᠢᠭ᠎ᠠ ᠤᠶᠢᠯᠡ ᠪᠠᠨ ᠦᠭᠦᠯᠡᠵᠦ ᠮᠡᠳᠡᠭᠦᠯᠦᠨ᠂ ᠬᠤᠶᠢᠨ᠎ᠠ ᠠᠴᠠ ᠨᠢ ᠬᠦᠰᠡᠨ ᠭᠤᠶᠤᠵᠦ ᠪᠠᠶᠢᠭ᠎ᠠ ᠪᠦᠬᠦᠨ ᠢᠶᠠᠨ | ᠦᠴᠢᠳᠡᠭ ᠨᠢ ᠮᠣᠩᠭᠤᠯᠴᠤᠳ ᠤᠨ ᠰᠠᠴᠤᠯᠢ ᠡᠷᠭᠦᠬᠦ ᠶᠣᠰᠣᠨ ᠪᠢᠯᠡ᠃ | | | | ᠢᠷᠡᠯᠲᠡ᠄ ᠣᠷᠳᠣᠰ ᠮᠣᠩᠭᠤᠯ ᠰᠦᠯᠵᠢᠶ᠎ᠡ |