ᠮᠦ ᠶᠢᠨ ᠱᠤᠸᠠᠨ ᠤ ᠮᠠᠷᠲᠠᠭᠳᠠᠰᠢ ᠦᠭᠡᠢ ᠺᠢᠨᠣ᠋ ᠲᠠᠯᠪᠢᠭᠰᠠᠨ ᠦᠯᠢᠭᠡᠷ
ᠨᠡᠶᠢᠲᠡᠯᠡᠭᠰᠡᠨ ᠴᠠᠭ᠄
2019-09-26
                                               ᠬᠡᠳᠦᠨ ᠲᠦᠮᠡᠨ ᠭᠠᠵᠠᠷ ᠤᠨ ᠵᠠᠮ᠂ ᠲᠦᠮᠡ ᠭᠠᠷᠤᠶ ᠤᠳᠠᠭᠠᠨ ᠤ ᠨᠡᠶᠢᠲᠡ ᠶᠢᠨ ᠠᠰᠠᠷᠠᠮᠵᠢ ᠶᠢᠨ ᠺᠢᠨᠣ᠋᠂ 1953 ᠣᠨ ᠳᠤ ᠲᠥᠷᠥᠭᠰᠡᠨ ᠮᠦ ᠶᠢᠨ ᠱᠤᠸᠠᠨ ᠬᠥᠳᠡᠭᠡ ᠲᠣᠰᠬᠤᠨ ᠤ ᠰᠣᠶᠣᠯ ᠤᠨ ᠠᠮᠢᠳᠤᠷᠠᠯ ᠢ ᠪᠠᠶᠠᠯᠢᠭᠵᠢᠭᠤᠯᠬᠤ ᠵᠠᠮ ᠳᠡᠭᠡᠷ᠎ᠡ ᠲᠡᠷᠡ 45 ᠵᠢᠯ  ᠵᠠᠮᠨᠠᠭᠰᠠᠨ ᠪᠢᠯᠡ᠃

     45 ᠵᠢᠯ ᠤᠨ ᠲᠤᠷᠰᠢ᠂ ᠲᠡᠷᠡ ᠥᠪᠡᠷ ᠤᠨ ᠠᠯᠢᠪᠠ ᠭᠦᠴᠤᠨ ᠴᠢᠳᠠᠯ ᠢᠶᠠᠨ ᠵᠣᠷᠢᠭᠤᠯᠵᠤ᠂ ᠰᠢᠨ᠎ᠡ ᠴᠠᠭ

ᠦᠶ᠎ᠡ ᠶᠢᠨ ᠳᠤᠮᠳᠠᠳᠤ ᠤᠯᠤᠰ ᠤᠨ ᠲᠠᠷᠢᠶᠠᠴᠢᠳ ᠤᠨ ᠠᠮᠠᠯᠠᠯᠲᠠ ᠪᠤᠯᠤᠨ  ᠪᠠᠷᠢᠮᠳᠠᠯᠠᠯ ᠢ ᠦᠢᠯᠡᠳᠦᠯᠭᠡᠵᠢᠭᠦᠯᠵᠦ᠂

ᠠᠷᠠᠳ ᠣᠯᠠᠨ ᠤ ᠪᠠᠶᠠᠷ ᠪᠠᠶᠠᠰᠬᠤᠯᠠᠩᠲᠤ ᠦᠭᠡᠨ ᠳᠤ ᠰᠣᠭᠲᠣᠭᠤᠷᠠᠵᠤ᠂ ᠬᠡᠳᠦᠶ ᠬᠦᠴᠢᠷ ᠪᠡᠷᠭᠡᠰᠢᠶᠡᠯ ᠪᠠ ᠶᠠᠳᠠᠷᠠᠯ

ᠵᠦᠳᠡᠷᠡᠯ ᠲᠠᠢ ᠪᠠᠶᠢᠭᠰᠠᠨ ᠴᠤ ᠲᠡᠷᠡ ᠶᠡᠭᠡ ᠯᠡ ᠳᠤᠷᠠᠲᠠᠶ ᠪᠠᠶᠢᠵᠦ᠂ ᠡᠭᠦᠨ ᠢᠶᠠᠷ ᠪᠠᠶᠠᠷ ᠪᠠᠭ᠋ᠠᠳᠤᠯ ᠭᠢᠭᠡᠳ ᠪᠠᠶᠠᠷ

ᠪᠠᠶᠠᠰᠤᠯ ᠢᠶᠠᠨ ᠪᠤᠯᠭᠠᠭᠰᠠᠨ ᠪᠠᠶᠢᠨ᠎ᠠ  ᠃

     ᠰᠤᠷᠪᠤᠯᠵᠢᠯᠠᠭ᠎ᠠ᠄ ᠬᠥᠳᠡᠭᠡ ᠲᠣᠰᠬᠤᠨ ᠳᠤ  ᠺᠢᠨᠣ᠋ ᠲᠠᠯᠪᠢᠨᠨᠴᠢ᠄      ᠮᠦ  ᠶᠢᠨ ᠱᠤᠸᠠᠨ

     ᠡᠨᠡᠬᠦ ᠠᠵᠢᠯ ᠢᠶᠠᠨ ᠪᠢ 45 ᠵᠢᠯ ᠦᠷᠭᠦᠯᠵᠢᠯᠡᠭᠦᠯᠪᠡ᠂ 1974 ᠣᠨ ᠳᠤ ᠲᠡᠭᠦᠰᠴᠡᠶ᠂ ᠥᠭᠡᠷ᠎ᠡ ᠪᠠᠷ

ᠬᠡᠯᠡᠪᠡᠯ ᠰᠣᠶᠣᠯ ᠤᠨ ᠶᠡᠭᠡ ᠬᠤᠪᠢᠰᠬᠠᠯ ᠠᠴᠠ ᠰᠡᠭᠦᠯᠡᠷ᠂ ᠪᠢ ᠪᠣᠯ ᠬᠤᠶᠠᠳᠤᠭᠠᠷ ᠬᠤᠭᠤᠴᠠᠭᠠᠨ ᠤ ᠥᠨᠳᠥᠷ

ᠵᠡᠷᠭᠡ ᠶᠢᠨ ᠳᠤᠮᠳᠠᠳᠤ ᠰᠤᠷᠭᠠᠭᠤᠯᠢ ᠠᠴᠠ ᠲᠡᠭᠦᠰᠦᠭᠰᠡᠨ ᠰᠤᠷᠤᠭᠴᠢ᠂ ᠪᠢ 74 ᠣᠨ   ᠤ 7 ᠰᠠᠷ᠎ᠠ ᠳᠤ ᠲᠡᠭᠦᠰᠴᠡᠶ

᠂  ᠲᠡᠭᠦᠰᠦᠭᠰᠡᠨ ᠤ ᠪᠠᠨ ᠳᠠᠷᠠᠭ᠎ᠠ᠂ ᠳᠠᠷᠤᠶ 1975 ᠣᠨ ᠤ 5 ᠰᠠᠷ᠎ᠠ ᠠᠴᠠ ᠡᠭᠢᠯᠡᠨ ᠠᠵᠢᠯᠯᠠᠭᠰᠠᠨ ᠶᠤᠮ᠃

ᠠᠵᠢᠯ ᠳᠤ ᠭᠠᠷᠤᠭᠰᠠᠨ ᠤ ᠲᠠᠷᠠᠭ᠎ᠠ᠂ ᠨᠠᠮ ᠤᠨ ᠬᠡᠷᠡᠭᠴᠡᠭᠡ ᠪᠣᠯ ᠳᠠᠷᠤᠶ ᠮᠢᠨᠦ ᠬᠦᠰᠡᠯ ᠡᠷᠡᠮᠡᠯᠵᠡᠯ ᠪᠤᠯᠤᠭᠰᠠᠨ᠃  

ᠲᠡᠭᠡᠭᠡᠳ ᠡᠨᠡᠬᠦ ᠺᠢᠨᠣ᠋  ᠲᠠᠯᠪᠢᠬᠤ ᠠᠵᠢᠯ ᠢ ᠪᠠᠶᠠᠷᠲᠠᠶ ᠪᠠᠷ ᠡᠭᠦᠷᠭᠡᠯᠡᠵᠦ ᠠᠪᠤᠭᠰᠠᠨ  ᠰᠢᠦ ᠭᠡᠯ᠎ᠠ᠃

     ᠰᠤᠶᠤᠯ ᠤᠨ ᠠᠮᠢᠳᠤᠷᠠᠯ ᠲᠠᠮᠡᠢ ᠯᠠ ᠰᠣᠨᠢᠷᠬᠠᠯ ᠲᠠᠳᠠᠬᠤ ᠦᠭᠡᠢ  ᠪᠠᠶᠢᠭᠰᠠᠨ᠂  ᠤᠳᠤ ᠬᠡᠳᠦ᠋ᠢᠪᠡᠷ

ᠲᠣᠤᠷ ᠰᠦᠯᠵᠢᠶ᠎ᠡ ᠭᠦᠭᠵᠢᠵᠦ᠂ ᠺᠢᠨᠣ᠋ ᠬᠠᠮᠢᠭ᠎ᠠ ᠴᠤ ᠭᠡᠰᠡᠨ ᠪᠦᠷ ᠦᠵᠡᠵᠦ ᠲᠡᠶᠢᠯᠬᠦ ᠪᠤᠯᠤᠭᠰᠠᠨ ᠪᠣᠯᠪᠠᠴᠤ ᠣᠯᠠᠨ

ᠲᠦᠮᠡᠨ ᠤᠯᠠᠮᠵᠢᠯᠠᠯᠲᠤ ᠺᠢᠨᠣ᠋ ᠳᠤ ᠮᠥᠨ ᠯᠡ ᠣᠨᠴᠠᠭᠠᠢ ᠬᠠᠶᠢᠷ᠎ᠠ ᠰᠡᠳᠬᠢᠯᠭᠡ ᠲᠠᠢ ᠪᠠᠶᠢᠭᠰᠠᠨ ᠨᠢ ᠮᠦ ᠶᠢᠨ

ᠱᠤᠸᠠᠨ ᠳᠤ ᠪᠠᠰᠠ ᠨᠢᠭᠡᠨ ᠬᠥᠳᠡᠯᠭᠡᠬᠦ ᠬᠦᠴᠦᠨ ᠪᠤᠯᠤᠭᠰᠠᠨ ᠪᠠᠶᠢᠨ᠎ᠠ᠃

     ᠰᠤᠷᠪᠤᠯᠵᠢᠯᠠᠭ᠎ᠠ᠄ ᠬᠥᠳᠡᠭᠡ ᠲᠣᠰᠬᠤᠨ ᠳᠤ  ᠺᠢᠨᠣ᠋  ᠲᠠᠯᠪᠢᠨᠨᠴᠢ᠄     ᠮᠦ  ᠶᠢᠨ ᠱᠤᠸᠠᠨ

ᠢᠩᠭᠢᠵᠦ ᠺᠢᠨᠣ᠋ ᠭᠠᠷᠭᠠᠬᠤ ᠨᠢ ᠨᠢᠭᠡᠨᠲᠡ ᠣᠯᠠᠨ ᠵᠢᠯ ᠪᠣᠯᠵᠠᠶ᠂  ᠢᠩᠭᠢᠭᠡᠳ ᠨᠡᠶᠢᠭᠡᠮ ᠤᠨ ᠬᠥᠭᠵᠢᠯᠲᠡ ᠮᠠᠰᠢ

ᠬᠤᠷᠳᠤᠨ ᠭᠡᠳᠡᠭ ᠢ ᠰᠡᠷᠡᠵᠦ  ᠮᠡᠳᠡᠭᠰᠡᠨ᠂  ᠦᠨᠡᠭᠡᠷ  ᠴᠦ ᠮᠠᠰᠢ ᠲᠦᠷᠭᠡᠨ ᠪᠠᠶᠢᠨ᠎ᠠ ᠳ᠋ᠠ᠂  ᠠᠩᠬ᠎ᠠ ᠺᠢᠨᠣ᠋

ᠭᠠᠷᠭᠠᠬᠤ  ᠦᠶ᠎ᠡ ᠳᠤ ᠹᠢᠯᠢᠮ ᠬᠡᠷᠡᠭᠯᠡᠵᠦ ᠪᠠᠶᠢᠵᠠᠢ᠂ ᠲᠡᠷᠡ ᠦᠶ᠎ᠡ ᠶᠢᠨ ᠵᠠᠮ ᠬᠠᠷᠢᠯᠴᠠᠭᠠᠨ ᠤ ᠪᠠᠭᠠᠵᠢ ᠪᠤᠯ

ᠡᠯᠵᠢᠭᠡᠨ ᠲᠡᠷᠭᠡ ᠪᠣᠯᠤᠨ᠎ᠠ᠃ ᠰᠡᠭᠦᠯᠡᠷ ᠨᠢ ᠡᠯᠵᠢᠭᠡᠨ ᠲᠡᠷᠭᠡ ᠠᠴᠠ ᠳᠤᠭᠤᠶ  ᠪᠤᠯᠤᠭᠰᠠᠨ᠂ ᠥᠩᠭᠡᠷᠡᠭᠰᠡᠨ ᠳᠤ ᠺᠢᠨᠣ᠋

ᠭᠠᠷᠭᠠᠵᠦ ᠪᠠᠶᠢᠬᠤ ᠳᠤ ᠦᠵᠡᠭᠴᠢᠳ ᠱᠠᠭᠠᠷᠳᠠᠯᠭ᠎ᠠ ᠲᠠᠯᠪᠢᠵᠤ᠂  ᠭᠦᠮᠤᠨ ᠴᠦ ᠣᠯᠠᠨ ᠪᠠᠶᠢᠭᠰᠠᠨ᠂ ᠪᠢᠳᠡ

ᠦᠵᠡᠭᠴᠢᠳ ᠤᠨ ᠱᠠᠭᠠᠷᠳᠠᠯᠭ᠎ᠠ ᠳᠤ ᠬᠦᠷᠬᠦ ᠶᠢᠨ ᠲᠥᠯᠥᠭᠡ ᠪᠠᠰᠠ ᠲᠣᠰᠬᠠᠶᠢᠯᠠᠨ ︽ᠳᠥᠷᠪᠡ ᠶᠢ ᠰᠡᠷᠭᠡᠶᠢᠯᠡᠬᠦ︾

ᠬᠠᠶᠢᠷᠴᠠᠭ ᠬᠢᠭᠰᠡᠨ ᠶᠤᠮ᠃  ᠳᠠᠷᠤᠶ ︽ ᠰᠠᠯᠭᠢ᠂ ᠪᠤᠷᠤᠭ᠎ᠠ᠂ ᠬᠥᠯᠳᠡᠬᠦ ᠪᠠ ᠬᠤᠭ ᠲᠤᠭᠤᠰᠤ ᠠᠴᠠ ᠰᠡᠷᠭᠡᠶᠢᠯᠡᠬᠦ︾

 ᠬᠠᠶᠢᠷᠴᠠᠭ ᠭᠡᠰᠡᠨ ᠤᠳᠬ᠎ᠠ ᠲᠠᠢ᠂  ᠨᠦᠭᠦᠭᠡ ᠲᠠᠯ᠎ᠠ ᠪᠠᠷ ᠪᠠᠰᠠ ᠮᠠᠰᠢᠨ ᠪᠠ ᠺᠢᠨᠣ᠋ ᠶᠢ ᠬᠠᠮᠠᠭᠠᠯᠠᠬᠤ ᠶᠢᠨ

ᠲᠥᠯᠥᠭᠡ ᠶᠤᠮ᠂  ᠮᠠᠰᠢᠨ ᠢᠶᠠᠨ ᠡᠨᠡ ᠬᠠᠶᠢᠷᠴᠠᠭ ᠳᠣᠲᠣᠷ᠎ᠠ ᠪᠠᠶᠢᠷᠢᠯᠠᠭᠤᠯᠵᠤ᠂  ᠲᠣᠭᠯᠠᠯᠲᠠ ᠭᠠᠷᠭᠠᠬᠤ ᠶᠢ

ᠪᠠᠲᠤᠯᠠᠵᠤ ᠴᠢᠳᠠᠬᠤ ᠮᠥᠷᠲᠡᠭᠡᠨ ᠪᠣᠷᠣᠭᠠᠨ ᠰᠠᠯᠭᠢᠨ ᠳᠤ ᠴᠦ ᠨᠦᠯᠦᠭᠡᠯᠡᠭᠳᠡᠬᠦ ᠦᠭᠡᠢ ᠤᠴᠢᠷ ᠠᠴᠠ ᠺᠢᠨᠤ᠋  

ᠲᠠᠯᠪᠢᠬᠤ ᠤᠳᠠᠭ᠎ᠠ ᠨᠢ ᠴᠦ ᠶᠡᠭᠡᠪᠡᠷ ᠨᠡᠮᠡᠭᠳᠡᠵᠦ᠂ ᠦᠵᠡᠭᠴᠢᠳ ᠤᠨ ᠱᠠᠭᠠᠷᠳᠠᠯᠭ᠎ᠠ ᠳᠤ  ᠭᠦᠷᠦᠵᠦ ᠲᠠᠶᠢᠯᠤᠭ᠍ᠰᠡᠨ

ᠪᠠᠶᠢᠨ᠎ᠠ᠃

     ᠲᠤᠬᠠᠢ ᠶᠢᠨ ᠵᠢᠯ ᠤᠨ ᠺᠢᠨᠣ᠋  ᠲᠠᠯᠪᠢᠬᠤ ᠲᠤᠬᠠᠢ ᠶᠠᠷᠢᠬᠤ ᠳᠤ ᠪᠠᠨ ᠲᠡᠷᠡ ᠶᠡᠭᠡ ᠯᠡ ᠰᠡᠳᠬᠢᠯ ᠳᠣᠭᠳᠣᠯᠵᠤ  

ᠪᠠᠶᠢᠯ᠎ᠠ᠃

     ᠰᠤᠷᠪᠤᠯᠵᠢᠯᠠᠭ᠎ᠠ᠄ ᠬᠥᠳᠡᠭᠡ ᠲᠣᠰᠬᠤᠨ ᠳᠤ  ᠺᠢᠨᠣ᠋ ᠲᠠᠯᠪᠢᠭᠴᠢ  ᠄ ᠮᠦ ᠶᠢᠨ ᠱᠤᠸᠠᠨ  

ᠠᠵᠢᠯ ᠳᠤᠮᠳᠠ ᠪᠠᠨ ᠦᠷᠭᠦᠯᠵᠢ ᠥᠩᠭᠡᠷᠡᠭᠰᠡᠨ ᠢᠶᠠᠨ ᠡᠷᠭᠢᠴᠡᠭᠦᠯᠳᠡᠭ ᠪᠠᠶᠢᠵᠠᠢ᠂ ᠦᠵᠡᠭᠴᠢᠳ ᠬᠠᠮᠤᠭ ᠤᠨ ᠣᠯᠡᠨ

ᠨᠢᠭᠡ ᠤᠳᠠᠭ᠎ᠠ ᠪᠤᠯ ᠲᠦᠷᠪᠡᠳ ᠬᠤᠰᠢᠭᠤᠨ ᠳᠤ ᠭᠠᠷᠭᠠᠭᠰᠠᠨ ᠲᠡᠷᠡ ᠨᠢᠭᠡ  ᠤᠳᠠᠭ᠎ᠠ ᠪᠤᠯᠤᠨ᠎ᠠ᠂ ᠤᠴᠢᠷ ᠨᠢ

ᠲᠤᠬᠠᠢ ᠶᠢᠨ ᠣᠶᠶ᠎ᠠ ᠳᠤ ᠪᠢᠯᠧᠲ ᠬᠤᠳᠠᠯᠳᠤᠵᠤ ᠪᠠᠶᠢᠭᠰᠠᠨ᠂ ᠲᠡᠭᠡᠭᠡᠳ 1100 ᠪᠢᠯᠧᠲ ᠬᠤᠳᠠᠯᠳᠤᠵᠤ

ᠭᠠᠷᠭᠠᠭᠰᠠᠨ᠂  ᠲᠡᠷᠡ ᠤᠳᠠᠭ᠎ᠠ ᠪᠢᠯᠧᠲ ᠠᠪᠬᠤ ᠦᠭᠡᠢ ᠪᠠᠷ ᠲᠠᠯᠠᠪᠤᠷ ᠲᠤ ᠣᠷᠣᠭᠰᠠᠨ ᠭᠦᠮᠤᠨ ᠪᠠᠰᠠ  ᠲᠤᠩ

ᠤᠯᠠᠨ ᠪᠠᠶᠢᠭᠰᠠᠨ  ᠂  ᠲᠡᠷᠡ ᠤᠳᠠᠭᠠᠨ ᠤ ᠺᠢᠨᠤ᠋  ᠶᠢᠨ ᠲᠠᠯᠠᠪᠤᠷ ᠲᠤ  ᠭᠦᠮᠤᠰ ᠴᠢᠭᠢᠯᠳᠤᠨ ᠶᠠᠭ ᠬᠥᠮᠦᠨ ᠤ ᠳᠠᠯᠠᠢ

ᠰᠢᠭ  ᠪᠠᠶᠢᠭᠰᠠᠨ ᠳ᠋ᠠ᠃

     ᠪᠣᠳᠤᠭ ᠦᠭᠡᠢ ᠺᠢᠨᠣ᠋ ᠠᠴᠠ ᠥᠩᠭᠡᠲᠦ ᠺᠢᠨᠣ᠋ ᠬᠦᠷᠲᠡᠯ᠎ᠡ᠂ ᠹᠢᠯᠢᠮ ᠤᠨ ᠺᠢᠨᠣ᠋ ᠠᠴᠠ ᠲᠣᠭᠠᠴᠢᠯᠠᠭᠰᠠᠨ ᠺᠢᠨᠣ᠋

ᠬᠦᠷᠲᠡᠯ᠎ᠡ᠂ ᠮᠦ ᠶᠢᠨ ᠱᠤᠸᠠᠨ ᠺᠢᠨᠣ᠋ ᠶᠢᠨ ᠦᠢᠯᠡᠰ ᠤᠨ ᠬᠥᠭᠵᠢᠯᠲᠡ ᠬᠤᠪᠢᠷᠠᠯᠳᠠ ᠶᠢ  ᠪᠡᠶ᠎ᠡ ᠪᠠᠷ ᠢᠶᠠᠨ

ᠦᠩᠭᠡᠷᠡᠭᠡᠭᠰᠡᠨ ᠪᠠᠶᠢᠨ᠎ᠠ  ᠃

     ᠰᠤᠷᠪᠤᠯᠵᠢᠯᠠᠭ᠎ᠠ᠄ ᠬᠥᠳᠡᠭᠡ ᠲᠣᠰᠬᠤᠨ  ᠳᠤ  ᠺᠢᠨᠣ᠋  ᠭᠠᠷᠭᠠᠭᠴᠢ᠄   ᠮᠦ ᠶᠢᠨ ᠱᠤᠸᠠᠨ

     ᠡᠭᠦᠨ ᠢ ᠪᠢ ᠪᠦᠷ ᠪᠡᠶ᠎ᠡ ᠪᠠᠷ ᠢᠶᠠᠨ ᠥᠩᠭᠡᠷᠡᠭᠦᠯᠦᠭᠰᠡᠨ᠂  ᠤᠤᠯ ᠤᠨ ᠬᠠᠭᠤᠴᠢᠨ ᠮᠠᠰᠢᠨ ᠠᠴᠠ ᠤᠳᠤ ᠶᠢᠨ

ᠰᠢᠨ᠎ᠡ ᠮᠠᠰᠢᠨ ᠭᠦᠷᠳᠡᠯ᠎ᠠ᠂ ᠤᠤᠯ ᠳᠤ ᠪᠠᠨ ᠬᠠᠮᠢᠭ᠎ᠠ ᠣᠴᠢᠵᠤ  ᠺᠢᠨᠤ᠋  ᠭᠠᠷᠭᠠᠪᠠᠯ᠂  ᠲᠡᠨᠳᠡ ᠪᠠᠨ  ᠲᠤᠶᠢᠯ ᠤᠨ

ᠶᠡᠭᠡ ᠪᠠᠷ ᠴᠢᠷᠮᠠᠶᠢᠯᠭ᠎ᠠ  ᠭᠠᠷᠭᠠᠳᠠᠭ᠂ ᠵᠢᠱᠢᠶᠡᠯᠡᠪᠡᠯ ᠳ᠋ᠧᠩ ᠤᠨ ᠫᠣᠤᠽᠢ ᠪᠣᠯᠤᠨ ᠭᠡᠷᠡᠯ ᠲᠣᠬᠢᠷᠠᠭᠤᠯᠬᠤ ᠵᠡᠷᠭᠡ᠃

ᠭᠡᠷᠭᠢᠨ ᠲᠣᠬᠢᠷᠠᠭᠤᠯᠤᠭᠰᠠᠨ ᠴᠤ ᠦᠵᠡᠭᠴᠢᠳ ᠤᠨ ᠱᠠᠭᠠᠷᠳᠠᠯᠭ᠎ᠠ ᠶᠢ ᠬᠠᠩᠭᠠᠵᠤ ᠲᠡᠶᠢᠯᠭᠦ ᠦᠭᠡᠢ᠂ ᠲᠡᠮᠡᠢ

ᠲᠣᠳᠣᠷᠬᠠᠶ ᠣᠯᠵᠤ ᠦᠵᠡᠬᠦ ᠦᠭᠡᠢ ᠪᠠᠶᠢᠭᠰᠠᠨ᠂ ᠲᠡᠭᠦᠨ ᠤ ᠡᠨᠡ ᠬᠦ ᠳᠠᠭᠤᠨ ᠤ ᠲᠣᠬᠢᠷᠠᠭᠤᠯᠤᠭᠰᠠᠨ ᠸᠠᠲ ᠤᠨ

ᠲᠤᠭ᠎ᠠ ᠨᠢ ᠠᠷᠪᠠᠨ ᠲᠠᠪᠤᠨ ᠸᠠᠲ ᠤᠨ ᠲᠠᠭᠤ ᠦᠰᠭᠡᠭᠴᠢ ᠲᠠᠢ ᠪᠠᠶᠢᠵᠤ᠂  ᠲᠡᠭᠡᠭᠡᠳ ᠳᠠᠭᠤ ᠨᠢ ᠪᠠᠰᠠ

ᠬᠢᠵᠠᠭᠠᠷᠯᠠᠯ ᠲᠠᠢ᠂  ᠭᠤᠤᠯᠳᠠᠭᠤ ᠨᠡᠨ ᠦᠭᠡ ᠶᠢ ᠨᠢ ᠰᠣᠨᠣᠰᠤᠭᠠᠳ ᠰᠣᠨᠣᠰᠳᠠᠬᠤ ᠦᠭᠡᠢ ᠪᠠᠶᠢᠭᠰᠠᠨ᠂  ᠤᠳᠤ

ᠨᠡᠶᠢᠭᠡᠮ ᠤᠨ ᠬᠥᠭᠵᠢᠯᠲᠡ ᠠᠴᠠ  ᠪᠤᠯᠵᠦ᠂  ᠲᠤᠭᠠᠴᠢᠯᠠᠭᠰᠠᠨ  ᠺᠢᠨᠣ᠋ ᠭᠠᠷᠭᠠᠬᠤ ᠮᠠᠰᠢᠨ ᠬᠡᠷᠡᠭᠯᠡᠭᠰᠡᠨ ᠤ ᠳᠠᠷᠠᠭ᠎ᠠ

ᠲᠣᠪ ᠲᠣᠳᠣᠷᠬᠠᠶ ᠪᠣᠯᠵᠠᠶ᠂  ᠵᠢᠷᠤᠭ ᠳᠦᠷᠰᠦ  ᠪᠠ ᠲᠠᠭᠤ ᠶᠢ ᠪᠦᠷ ᠲᠣᠳᠣᠷᠬᠠᠶ ᠣᠯᠵᠤ  ᠦᠵᠡᠵᠦ᠂ ᠨᠠᠩ ᠴᠤ  

ᠲᠤᠪ ᠲᠣᠳᠣ ᠣᠯᠵᠤ ᠰᠣᠨᠣᠰᠬᠤ  ᠪᠤᠯᠤᠭᠰᠠᠨ᠂  ᠺᠢᠨᠤ᠋   ᠨᠢ ᠬᠡᠳᠦ᠋ᠢᠪᠡᠷ ᠵᠢᠷᠤᠭ ᠳᠦᠷᠰᠦ ᠪᠣᠯᠪᠠᠴᠤ᠂ ᠶᠠᠭ ᠯᠠ

ᠬᠥᠮᠦᠨ ᠡᠮᠦᠨ᠎ᠡ ᠴᠢᠨᠢ ᠰᠠᠭᠤᠭᠠᠳ ᠴᠢᠮ᠎ᠠ ᠲᠠᠢ ᠦᠭᠡ ᠶᠠᠷᠢᠵᠤ  ᠪᠠᠶᠢᠬᠤ ᠰᠢᠭ᠋᠂ ᠰᠣᠨᠣᠰᠬᠤ ᠳᠤ ᠮᠠᠰᠢ  

ᠲᠠᠭᠠᠭᠠᠯᠠᠮᠵᠢᠳᠡᠢ᠂  ᠦᠭᠡ ᠨᠢ ᠲᠤᠳᠤᠬᠠᠨ᠂ ᠦᠵᠡᠬᠦ ᠳᠤ ᠴᠦ  ᠰᠠᠶᠢᠬᠠᠨ ᠪᠠᠶᠢᠨ᠎ᠠ ᠭᠡᠯ᠎ᠠ᠃

     ︽ᠺᠢᠨᠣ᠋ ᠪᠠᠨ ᠬᠠᠮᠤᠭ ᠤᠨ ᠬᠡᠷᠡᠭᠴᠡᠭᠡ ᠲᠠᠢ ᠬᠥᠮᠦᠨ ᠳᠤ ᠲᠠᠯᠪᠢᠵᠦ ᠦᠵᠡᠭᠦᠯᠭᠦ︾   ᠨᠢ ᠲᠡᠭᠦᠨ ᠤ  ᠺᠢᠨᠣ᠋

ᠲᠠᠯᠪᠢᠬᠤ ᠲᠤᠬᠠᠶ ᠨᠢᠭᠡᠨ ᠪᠣᠷᠣᠭᠵᠢᠭᠤᠨ ᠣᠶᠢᠯᠠᠭᠠᠯᠲᠠ ᠪᠣᠯᠤᠨ᠎ᠠ᠂ ᠺᠢᠨᠣ᠋ ᠲᠠᠯᠪᠢᠬᠤ ᠨᠢ ᠮᠦ  ᠶᠢᠨ ᠱᠤᠸᠠᠨ ᠳᠤ

ᠠᠪᠴᠤ ᠬᠡᠯᠡᠪᠡᠯ ᠨᠢᠭᠡᠨ ᠤᠭ ᠰᠠᠨᠠᠭ᠎ᠠ   ᠪᠠᠨ ᠮᠠᠷᠳᠠᠬᠤ ᠦᠭᠡᠢ ᠪᠠᠷ ᠦᠪᠡᠷ ᠤᠨ ᠡᠭᠦᠷᠭᠡ ᠬᠠᠷᠢᠭᠤᠴᠠᠯᠭ᠎ᠠ ᠪᠠᠨ

ᠭᠦᠢᠴᠡᠳᠭᠡᠵᠦ ᠪᠠᠶᠢᠭ᠎ᠠ ᠠᠵᠢᠯ ᠢᠶᠠᠷ ᠪᠠᠷᠠᠬᠤ ᠦᠭᠡᠢ᠂ ᠨᠠᠩ ᠴᠤ ᠠᠷᠢᠭᠤᠨ ᠳᠠᠷᠬᠠᠨ ᠡᠭᠦᠷᠭᠡ ᠪᠤᠯᠤᠭᠰᠠᠨ ᠪᠠᠶᠢᠨ᠎ᠠ  ᠃

     ᠰᠤᠷᠪᠤᠯᠵᠢᠯᠠᠭ᠎ᠠ  ᠄ ᠬᠥᠳᠡᠭᠡ ᠲᠣᠰᠬᠤᠨ ᠳᠤ  ᠺᠢᠨᠣ᠋ ᠲᠠᠯᠪᠢᠨᠨᠴᠢ  ᠄  ᠮᠦ ᠶᠢᠨ ᠱᠤᠸᠠᠨ

ᠠᠵᠢᠯ ᠬᠢᠬᠦ ᠳᠤ ᠪᠠᠨ ᠶᠠᠭᠤ ᠬᠢᠭᠰᠡᠨ ᠴᠦ ᠬᠠᠮᠢᠶ᠎ᠠ ᠦᠭᠡᠢ᠂  ᠭᠢᠬᠦ ᠳᠤ ᠪᠠᠨ ᠵᠠᠪᠠᠯ ᠰᠠᠶᠢᠳᠤᠷ ᠬᠢᠬᠦ ᠬᠡᠷᠡᠭᠲᠡᠶ᠂  

ᠳᠠᠬᠢᠭᠠᠳ  ᠭᠡᠯᠡᠪᠡᠯ ᠢᠩᠭᠢᠵᠦ   ᠪᠠᠷᠢᠮᠳᠠᠯᠠᠵᠦ ᠭᠢᠬᠦ ᠨᠢ ᠬᠠᠮᠤᠭ ᠤᠨ ᠰᠠᠶᠢᠨ ᠤᠴᠢᠷ᠃  ᠲᠡᠭᠡᠭᠡᠳ ᠪᠢ

ᠦᠵᠡᠭᠴᠢ ᠠᠴᠠ ᠰᠠᠯᠵᠤ ᠴᠢᠳᠠᠬᠤ ᠦᠭᠡᠢ  ᠂ ᠦᠵᠡᠭᠴᠢᠳ ᠴᠦ ᠨᠠᠳᠠ ᠠᠴᠠ ᠰᠠᠯᠵᠤ ᠴᠢᠳᠠᠬᠤ ᠦᠭᠡᠢ  ᠪᠤᠯᠤᠭᠰᠠᠨ

᠂ ᠡᠶᠢᠮᠦ ᠠᠴᠠ ᠺᠢᠨᠣ᠋ ᠨᠢ ᠲᠡᠳᠡᠨ ᠤ ᠬᠠᠮᠤᠭ ᠤᠨ ᠬᠡᠷᠡᠭᠴᠡᠭᠡ ᠲᠠᠢ ᠵᠦᠢᠯ ᠪᠤᠯᠤᠭᠰᠠᠨ᠂  ᠺᠢᠨᠣ᠋ ᠪᠣᠯ  ᠨᠢᠭᠡ ᠵᠦᠢᠯ

 ᠤᠨ ᠬᠦᠴᠦᠨ ᠴᠢᠳᠠᠯ ᠮᠥᠨ᠂  ᠪᠠᠰᠠ ᠴᠤ ᠨᠢᠭᠡ ᠵᠦᠢᠯ ᠤᠨ ᠣᠯᠠᠨ ᠡᠯᠧᠮᠧᠨ᠋ᠲ ᠤᠨ ᠰᠢᠮ᠎ᠡ ᠲᠡᠵᠢᠭᠡᠯᠲᠦ ᠡᠳ᠋

ᠮᠥᠨ ᠭᠡᠵᠦ  ᠦᠵᠡᠵᠦ ᠪᠤᠯᠤᠨ᠎ᠠ᠃ ᠬᠡᠳᠦ᠋ᠢᠪᠡᠷ ᠤᠳᠤ ᠪᠢ 67 ᠨᠠᠰᠤᠯᠠᠭᠰᠠᠨ ᠴᠦ  ᠵᠦᠭᠡᠷ ᠰᠠᠭᠤᠬᠤ ᠰᠠᠨᠠᠭ᠎ᠠ

ᠦᠭᠡᠢ᠂  ᠦᠷᠭᠦᠯᠵᠢᠯᠡᠨ  ᠪᠠᠰᠠ ᠡᠨᠡ ᠠᠵᠢᠯ ᠢᠶᠠᠨ ᠭᠢᠶ᠎ᠡ ᠯᠡ ᠭᠡᠵᠦ ᠪᠤᠳᠤᠵᠦ ᠪᠠᠶᠢᠨ᠎ᠠ  ᠃

 

                     ᠵᠣᠬᠢᠶ᠋ᠬᠠᠴᠢ᠄  ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ

                                   ᠬᠠᠮ ᠵᠠᠭᠤᠴᠢᠯᠠᠭᠤᠷ ᠤᠨ ᠲᠥᠪ

                     ᠣᠷᠴᠢᠭᠤᠯᠣᠨᠨᠴᠢ᠄  ᠬᠠᠶᠢᠷᠬᠠᠨ

                     ᠬᠠᠷᠢᠭᠤᠴᠬᠠᠰᠠᠨ ᠨᠠᠶᠢᠷᠠᠭᠤᠯᠣᠨᠨᠴᠢ᠄  ᠭᠧ ᠲᠣᠸᠠᠨ ᠯᠢᠶᠡᠨ

 
ᠢᠷᠡᠯᠲᠡ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号