ᠪᠡᠭᠡᠵᠢᠩ ᠦᠪᠣᠷ ᠮᠣᠩᠭᠤᠯ ᠬᠠᠮᠳᠣᠷᠬᠠᠰᠡᠨ ᠶᠠᠳᠠᠭᠤ ᠶᠢ ᠳᠡᠳᠬᠦᠬᠦ ᠡᠮᠨᠡᠯᠭᠡ ᠶᠢᠨ ᠮᠡᠷᠭᠡᠵᠢᠯᠳᠡᠨ ᠮᠠᠨ ᠤ ᠬᠤᠰᠢᠭᠤᠨ ᠳᠤ ᠲᠣᠮᠢᠯᠬᠠᠳᠠᠨ ᠰᠠᠭᠤᠵᠦ ᠣᠨᠣᠨ ᠳᠡᠭᠡᠷ᠎ᠡ ᠨᠢ ᠶᠠᠳᠠᠭᠤ ᠶᠢ ᠳᠡᠳᠬᠦᠬᠦ ᠢᠨᠵᠧᠨᠧᠷᠢᠩ ᠳᠤ ᠬᠦᠴᠣᠨ ᠨᠡᠮᠡᠷᠢᠯᠡᠨ᠎ᠡ
ᠨᠡᠶᠢᠲᠡᠯᠡᠭᠰᠡᠨ ᠴᠠᠭ᠄
2019-09-18
                            ᠪᠡᠭᠡᠵᠢᠩ ᠦᠪᠣᠷ ᠮᠣᠩᠭᠤᠯ ᠬᠠᠮᠳᠣᠷᠬᠠᠰᠡᠨ ᠶᠠᠳᠠᠭᠤ ᠶᠢ ᠳᠡᠳᠬᠦᠬᠦ ᠡᠮᠨᠡᠯᠭᠡ ᠶᠢᠨ ᠮᠡᠷᠭᠡᠵᠢᠯᠳᠡᠨ ᠮᠠᠨ ᠤ ᠬᠤᠰᠢᠭᠤᠨ ᠳᠤ  ᠲᠣᠮᠢᠯᠬᠠᠳᠠᠨ ᠰᠠᠭᠤᠵᠦ᠂ ᠶᠠᠳᠠᠭᠤ ᠶᠢ ᠳᠡᠳᠬᠦᠬᠦ ᠰᠢᠯᠢᠳᠡᠭ ᠨᠦᠬᠡᠴᠡ ᠬᠢᠭᠡᠳ ᠡᠷᠡᠭᠦᠯ ᠢᠶᠠᠷ ᠶᠠᠳᠠᠭᠤ ᠶᠢ ᠳᠡᠳᠬᠦᠬᠦ ᠠᠵᠢᠯ ᠲᠠᠢ ᠣᠷᠭᠠᠨᠢᠭ ᠢᠶᠠᠷ ᠣᠶᠠᠯᠳᠠᠭᠤᠯᠵᠦ᠂ ᠶᠠᠳᠠᠭᠤ ᠡᠷᠦᠬᠡ ᠶᠢᠨ ᠡᠪᠡᠳᠴᠢᠳᠠᠨ ᠤ ᠭᠡᠷ ᠤᠨ ᠡᠭᠦᠳᠡᠨ ᠳᠡᠭᠡᠷ᠎ᠡ ᠪᠠᠨ ᠡᠪᠡᠳᠴᠢᠨ ᠢᠶᠠᠨ ᠦᠵᠡᠭᠦᠯᠬᠦ ᠦᠢᠯᠡᠴᠢᠯᠡᠭᠡ ᠶᠢ ᠬᠦᠷᠳᠡᠵᠦ᠂ ᠶᠠᠳᠠᠭᠤ ᠶᠢ ᠳᠡᠳᠬᠦᠬᠦ ᠪᠠᠬᠢᠯᠡᠯᠳᠡ ᠶᠢᠨ ᠳᠠᠶᠢᠨ ᠤ ᠴᠢᠬᠤᠯᠠ ᠠᠯᠬᠤᠮ ᠢ ᠳᠠᠪᠠᠭᠰᠡᠨ ᠪᠠᠶᠢᠨ᠎ᠠ᠃

 

    ᠡᠨᠡ ᠵᠢᠯ 68 ᠨᠠᠰᠣᠳᠠᠢ ᠬᠦᠭᠡᠪᠣᠷ ᠪᠠᠯᠭᠠᠰᠣᠨ ᠤ ᠰᠠᠭᠤᠭᠠᠯᠢ ᠠᠷᠠᠳ ᠶᠠᠩ ᠹᠧᠨ ᠡ ᠡᠪᠡᠳᠴᠢᠨ ᠦᠵᠡᠭᠦᠯᠬᠦ

ᠪᠣᠯ ᠲᠡᠭᠦᠨ ᠤ ᠠᠮᠢᠳᠣᠷᠠᠯ ᠤᠨ ᠶᠡᠭᠡ ᠬᠦᠴᠢᠷ ᠠᠰᠠᠭᠤᠳᠠᠯ  ᠪᠣᠯᠣᠨ᠎ᠠ᠃ ᠪᠡᠭᠡᠵᠢᠩ ᠤᠨ ᠶᠠᠳᠠᠭᠤ ᠶᠢ ᠳᠡᠳᠬᠦᠬᠦ

ᠡᠮᠴᠢ  ᠢᠷᠡᠵᠦ ᠲᠡᠭᠦᠨ ᠳᠤ ᠡᠮᠨᠡᠯᠭᠡ ᠦᠭᠭᠦᠭᠰᠡᠨ ᠠᠴᠠ ᠲᠡᠭᠦᠨ ᠤ ᠡᠪᠡᠳᠴᠢᠨ ᠨᠢ ᠶᠡᠭᠡ ᠰᠠᠶᠢᠵᠢᠷᠬᠠᠰᠡᠨ ᠪᠠᠶᠢᠨ᠎ᠠ᠃

    ᠰᠣᠷᠪᠣᠯᠵᠢᠯᠠᠭ᠎ᠠ᠄        ᠬᠦᠭᠡᠪᠣᠷ  ᠪᠠᠯᠭᠠᠰᠣᠨ   ᠤ ᠰᠠᠭᠤᠭᠠᠯᠢ ᠠᠷᠠᠳ    ᠶᠠᠩ ᠹᠧᠨ ᠡ

     ᠪᠢ ᠼᠣᠣ ᠡᠮᠴᠢ ᠪᠠᠷ ᠡᠪᠡᠳᠴᠢᠨ ᠢᠶᠠᠨ ᠦᠵᠡᠭᠦᠯᠬᠦ ᠪᠠᠷ ᠢᠷᠡᠭᠰᠡᠨ᠂ ᠶᠡᠭᠡ ᠰᠠᠶᠢᠨ᠂  ᠤᠳᠣ ᠬᠤᠶᠠᠳᠣᠭᠠᠷ

ᠤᠳᠠᠭ᠎ᠠ ᠢᠷᠡᠵᠦ ᠪᠠᠶᠢᠨ᠎ᠠ᠃ ᠶᠡᠭᠡ ᠨᠠᠷᠢᠯᠢᠭ ᠰᠠᠶᠢᠨ᠂ ᠦᠪᠡᠷ ᠭᠠᠵᠠᠷ ᠣᠴᠢᠠᠠᠰᠡᠨ ᠤ ᠬᠡᠷᠡᠭ ᠦᠭᠡᠢ᠂  ᠬᠦᠶᠣᠬᠦ

ᠬᠡᠷᠡᠭ ᠦᠭᠡᠢ ᠣᠴᠢᠷ ᠠᠴᠠ ᠵᠠᠮ ᠤᠨ ᠰᠣᠶᠢᠳᠬᠡᠯ ᠴᠤ ᠠᠷᠪᠢᠯᠬᠠᠰᠡᠨ ᠪᠠᠶᠢᠨ᠎ᠠ᠃

     ᠶᠠᠩ ᠹᠧᠨ ᠡ ᠶᠢᠨ ᠬᠡᠯᠡᠵᠦ ᠪᠠᠶᠢᠬᠤ ᠼᠣᠣ ᠡᠮᠴᠢ ᠪᠣᠯ ᠪᠡᠭᠡᠵᠢᠩ ᠤᠨ ᠬᠢᠲᠠᠳ ᠡᠮ ᠡᠮᠨᠡᠯᠭᠡ ᠶᠢᠨ ᠶᠡᠭᠡ

ᠰᠣᠷᠭᠠᠭᠤᠯᠢ ᠶᠢᠨ ᠹᠠᠩ ᠱᠠᠨ ᠡᠮᠨᠡᠯᠭᠡ ᠶᠢᠨ ᠬᠤᠷᠢᠶᠠᠨ ᠤ ᠠᠬᠠᠯᠠᠬᠤ ᠡᠮᠴᠢ ᠼᠣᠣ ᠶᠦᠩ ᠾᠦᠢ ᠪᠣᠯᠣᠨ᠎ᠠ᠃ ᠲᠡᠷᠡ

ᠪᠡᠭᠡᠵᠢᠩ ᠦᠪᠣᠷ ᠮᠣᠩᠭᠤᠯ ᠬᠠᠮᠳᠣᠷᠬᠠᠰᠡᠨ ᠶᠠᠳᠠᠭᠤ ᠶᠢ ᠳᠡᠳᠬᠦᠬᠦ ᠡᠮᠨᠡᠯᠭᠡ ᠶᠢᠨ ᠮᠡᠷᠭᠡᠵᠢᠯᠳᠡᠨ᠂ ᠮᠠᠨ ᠤ

ᠬᠤᠰᠢᠭᠤᠨ ᠳᠤ ᠢᠷᠡᠭᠡᠳ ᠨᠢᠭᠡ ᠵᠢᠯ ᠪᠣᠯᠵᠦ ᠪᠠᠶᠢᠬᠤ ᠬᠤᠭᠤᠴᠠᠭᠠᠨ ᠳᠤ ᠳᠡᠭᠦᠨ ᠤ ᠰᠢᠯᠭᠠᠷᠬᠠᠰᠡᠨ ᠮᠡᠷᠭᠡᠵᠢᠯ

ᠬᠢᠭᠡᠳ ᠬᠠᠯᠠᠭᠤᠨ ᠠᠪᠣᠷᠢ ᠨᠢ ᠠᠷᠠᠳ ᠲᠦᠮᠡᠨ ᠤ ᠦᠨᠳᠣᠷ ᠦᠨᠡᠯᠡᠯᠳᠡ ᠶᠢ ᠣᠯᠣᠠᠠᠰᠡᠨ ᠪᠠᠶᠢᠨ᠎ᠠ᠃  

ᠡᠮᠴᠢᠯᠡᠬᠦ ᠶᠢᠨ ᠬᠠᠮᠳᠤ ᠲᠡᠷᠡ ᠪᠠᠰᠠ ᠬᠢᠲᠠᠳ ᠡᠮᠨᠡᠯᠭᠡ ᠶᠢᠨ ᠳᠠᠪᠠᠭᠤᠯᠢᠭ ᠢ ᠠᠰᠢᠠᠠᠯᠠᠵᠦ ᠣᠯᠠᠨ ᠲᠦᠮᠡᠨ ᠳᠤ ᠬᠢᠲᠠᠳ

ᠡᠮᠨᠡᠯᠭᠡ  ᠶᠢᠨ ᠣᠨᠣᠯ ᠬᠢᠭᠡᠳ ᠬᠦᠮᠣᠰ ᠤᠨ ᠡᠪᠡᠳᠴᠢᠨ ᠢ  ᠬᠡᠷᠬᠢᠨ ᠰᠡᠷᠭᠡᠶᠢᠯᠡᠵᠦ ᠦᠪᠡᠰᠡᠳ ᠢᠶᠠᠨ ᠵᠠᠰᠠᠬᠤ ᠲᠣᠬᠠᠢ

ᠮᠡᠳᠡᠯᠭᠡ ᠶᠢ ᠰᠣᠷᠳᠠᠯᠴᠢᠯᠠᠭᠤᠯᠣᠠᠠᠰᠡᠨ ᠪᠠᠶᠢᠨ᠎ᠠ᠃

     ᠰᠣᠷᠪᠣᠯᠵᠢᠯᠠᠭ᠎ᠠ᠄      ᠪᠡᠭᠡᠵᠢᠩ ᠦᠪᠣᠷ ᠮᠣᠩᠭᠤᠯ ᠬᠠᠮᠳᠣᠷᠬᠠᠰᠡᠨ ᠶᠠᠳᠠᠭᠤ ᠶᠢ ᠳᠡᠳᠬᠦᠬᠦ ᠡᠮᠨᠡᠯᠭᠡ ᠶᠢᠨ

ᠮᠡᠷᠭᠡᠵᠢᠯᠳᠡᠨ  ᠼᠣᠣ ᠶᠦᠩ ᠾᠦᠢ

    ᠡᠨᠡ ᠨᠢᠭᠡ ᠵᠢᠯ ᠤᠨ ᠦᠢᠯᠡᠳᠣᠯᠡᠭᠡ ᠪᠠᠷ ᠪᠢ ᠴᠤ ᠬᠢᠲᠠᠳ ᠡᠮᠨᠡᠯᠭᠡ ᠶᠢᠨ ᠠᠷᠭ᠎ᠠ ᠶᠢ ᠬᠡᠷᠡᠭᠯᠡᠵᠦ᠂ ᠨᠡᠮᠢᠶᠡᠳ

ᠡᠪᠡᠳᠴᠢᠳᠠᠨ ᠦᠵᠡᠭᠰᠡᠨ᠃

    ᠼᠣᠣ ᠡᠮᠴᠢ ᠲᠠᠢ ᠠᠳᠠᠯᠢᠬᠠᠨ᠂ ᠪᠡᠭᠡᠵᠢᠩ ᠦᠪᠣᠷ ᠮᠣᠩᠭᠤᠯ ᠬᠠᠮᠳᠣᠷᠬᠠᠰᠡᠨ ᠡᠮᠨᠡᠯᠭᠡ ᠶᠢᠨ ᠮᠡᠷᠭᠡᠵᠢᠯᠳᠠᠨ ᠮᠠᠨ

 ᠤ ᠬᠤᠰᠢᠭᠤᠨ ᠲᠣᠮᠢᠯᠠᠨ ᠰᠠᠭᠤᠵᠦ᠂ ᠪᠠᠰᠠ ᠪᠡᠭᠡᠵᠢᠩ ᠤᠨ ᠵᠢᠩ ᠮᠧᠢ ᠪᠦᠯᠦᠭᠯᠡᠯ ᠤᠨ ᠲᠦᠪ ᠡᠮᠨᠡᠯᠭᠡ  ᠶᠢᠨ

ᠬᠤᠷᠢᠶ᠎ᠠ᠂ ᠪᠣᠭᠤᠳᠣ ᠬᠤᠳᠠ ᠶᠢᠨ ᠲᠦᠪ ᠡᠮᠨᠡᠯᠭᠡ ᠶᠢᠨ ᠬᠤᠷᠢᠶᠠᠨ ᠤ ᠮᠡᠷᠭᠡᠵᠢᠯᠳᠡᠨ ᠤ ᠪᠦᠯᠬᠦᠮ ᠬᠢᠭᠡᠳ

ᠪᠡᠭᠡᠵᠢᠩ ᠤᠨ ᠹᠠᠩ ᠱᠠᠨ ᠲᠣᠭᠤᠷᠢᠭ ᠤᠨ ᠡᠮᠨᠡᠯᠭᠡ ᠶᠢᠨ ᠮᠡᠷᠭᠡᠵᠢᠯᠳᠡᠨ   ᠤ ᠪᠦᠯᠬᠦᠮ ᠵᠡᠷᠭᠡ 9 ᠡᠮᠨᠡᠯᠭᠡ ᠶᠢᠨ

ᠬᠤᠷᠢᠶᠠᠨ ᠤ ᠠᠬᠠᠯᠠᠬᠤ ᠡᠮᠴᠢ ᠲᠣᠰ ᠪᠦᠷᠢ ᠬᠤᠰᠢᠭᠤᠨ ᠤ ᠡᠮᠨᠡᠯᠭᠡ ᠶᠢᠨ ᠬᠤᠷᠢᠶᠠᠨ ᠤ 25 ᠰᠠᠯᠠᠭᠠᠨ ᠳᠤ

ᠡᠮᠴᠢᠯᠡᠯᠭᠡ ᠬᠢᠭᠰᠡᠨ ᠪᠠᠶᠢᠨ᠎ᠠ᠃ ᠡᠭᠦᠨ ᠤ ᠬᠠᠮᠳᠤ ᠪᠠᠰᠠ᠂ ᠲᠦᠷᠭᠡᠨ ᠠᠪᠣᠷᠠᠬᠤ ᠬᠢᠴᠢᠶᠠᠯ ᠰᠣᠷᠭᠠᠭᠤᠯᠢ ᠣᠷᠣᠨ᠂

ᠨᠡᠶᠢᠭᠡᠮ ᠲᠣᠭᠤᠷᠢᠭ ᠳᠤ ᠪᠣᠶᠠᠨ ᠤ ᠡᠮᠴᠢᠯᠡᠯᠭᠡ  ᠬᠢᠵᠦ᠂ ᠮᠡᠷᠭᠡᠵᠢᠯ ᠰᠣᠷᠭᠠᠬᠤ ᠵᠡᠷᠭᠡ ᠬᠡᠯᠪᠡᠷᠢ ᠪᠠᠷ ᠡᠮᠨᠡᠯᠭᠡ ᠶᠢᠨ

ᠦᠢᠯᠡᠴᠢᠯᠡᠭᠡ ᠶᠢᠨ ᠬᠦᠳᠡᠯᠭᠡᠭᠡᠨ ᠶᠠᠪᠣᠳᠠᠭᠤᠯᠣᠠᠠᠰᠡᠨ ᠪᠠᠶᠢᠨ᠎ᠠ᠃ ᠣᠨᠳᠠᠬᠤ ᠳᠤ ᠬᠦᠴᠢᠷᠲᠠᠢ ᠡᠪᠡᠳᠴᠢᠳᠠᠨ  ᠢᠯᠡᠷᠭᠡᠢ

ᠲᠣᠰᠠ ᠪᠣᠯᠣᠠᠠᠰᠡᠨ ᠪᠠᠶᠢᠨ᠎ᠠ᠃

 

                        ᠢᠷᠡᠯᠲᠡ᠄  ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ

                                     ᠬᠠᠮ ᠵᠠᠭᠤᠴᠢᠯᠠᠭᠤᠷ ᠤᠨ ᠲᠥᠪ

                        ᠵᠣᠬᠢᠶ᠋ᠬᠠᠴᠢ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ

                                      ᠬᠠᠮ ᠵᠠᠭᠤᠴᠢᠯᠠᠭᠤᠷ ᠤᠨ ᠲᠥᠪ

                       ᠣᠷᠴᠢᠭᠤᠯᠣᠨᠨᠴᠢ᠄  ᠱᠣ᠋ ᠭᠤᠸᠠᠩ

                       ᠬᠠᠷᠢᠭᠤᠴᠬᠠᠰᠠᠨ ᠨᠠᠶᠢᠷᠠᠭᠤᠯᠣᠨᠨᠴᠢ᠄ ᠭᠧ ᠲᠣᠸᠠᠨ ᠯᠢᠶᠡᠨ                

 
ᠢᠷᠡᠯᠲᠡ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号