| | ᠪᠦᠬᠦ ᠣᠷᠣᠨ ᠤ ᠢᠳᠡᠭᠡᠨ ᠤᠮᠳᠠᠭᠠᠨ ᠤ ᠠᠮᠤᠷ ᠲᠦᠪᠰᠢᠨ ᠤ ᠠᠵᠢᠯᠯᠠᠭ᠎ᠠ ᠶᠢ ᠤᠯᠠᠮ ᠨᠢᠭᠡ ᠠᠯᠬᠤᠮ | ᠴᠢᠩᠭᠠᠳᠬᠠᠬᠤ ᠶᠢᠨ ᠲᠥᠯᠥᠭᠡ᠂ ᠥᠪᠥᠷ ᠮᠣᠩᠭᠤᠯ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠯ ᠤᠨ ᠳᠦᠷᠢᠮ ᠤᠨ | ᠥᠭᠡᠷᠡᠴᠢᠯᠡᠯᠲᠡ ᠶᠢ ᠢᠳᠡᠪᠬᠢᠲᠡᠢ ᠲᠦᠯᠬᠢᠨ ᠠᠬᠢᠭᠤᠯᠵᠤ᠂ ᠵᠠᠰᠠᠭ ᠵᠠᠬᠢᠷᠭᠠᠨ ᠤ ᠬᠢᠨᠠᠨ ᠵᠥᠪᠰᠢᠶᠡᠷᠡᠬᠦ ᠲᠥᠷᠥᠯ | ᠵᠦᠢᠯ ᠢ ᠤᠤᠯ ᠤᠨ 30 ᠵᠦᠢᠯ ᠠᠴᠠ ᠨᠢ 21 ᠵᠦᠢᠯ ᠪᠣᠯᠭᠠᠨ ᠬᠠᠰᠤᠵᠠᠢ᠃ ᠤᠶᠢᠯᠠᠭᠠᠭᠰᠠᠨ ᠢᠶᠠᠷ ᠂ ᠨᠢᠯᠬ᠎ᠠ ᠨᠢᠷᠠᠢ | ᠬᠡᠦᠬᠡᠳ ᠤᠨ ᠨᠠᠶᠢᠷᠠᠯᠭ᠎ᠠ ᠶᠢᠨ ᠰᠦᠨ ᠲᠠᠯᠬ᠎ᠠ ᠶᠢ ᠭᠠᠷᠭᠠᠪᠠᠯ᠂ ᠪᠦᠬᠦ ᠣᠷᠣᠨ ᠤ ᠪᠦᠬᠦ 28 ᠵᠦᠢᠯ ᠤᠨ ᠢᠳᠡᠭᠡᠨ ᠤ | ᠦᠢᠯᠡᠳᠪᠦᠷᠢᠯᠡᠯ ᠢ ᠵᠥᠪᠰᠢᠶᠡᠷᠡᠬᠦ ᠬᠢᠨᠠᠨ ᠵᠥᠪᠰᠢᠶᠡᠷᠡᠯ ᠤᠨ ᠡᠷᠬᠡ ᠶᠢ ᠳᠤᠷᠤᠭᠰᠢ ᠠᠶᠢᠮᠠᠭ ᠬᠤᠲᠠ ᠳᠤ | ᠪᠠᠭᠤᠯᠭᠠᠭᠰᠠᠨ ᠤ ᠬᠠᠮᠲᠤ ᠡᠷᠬᠡ ᠪᠠᠨ ᠦᠷᠭᠡᠳᠬᠡᠬᠦ ᠬᠦᠴᠦᠷᠬᠡᠭ ᠰᠢᠶᠠᠨ ᠤ ᠲᠤᠷᠰᠢᠯᠲᠠ ᠶᠢᠨ ᠠᠵᠢᠯ ᠦᠷᠨᠢᠬᠦᠯᠵᠦ | ᠪᠠᠶᠢᠭ᠎ᠠ 12 ᠬᠤᠰᠢᠭᠤ ᠰᠢᠶᠠᠨ ᠳᠤ ᠵᠠᠯᠭ᠎ᠠ ᠪᠠᠷ ᠪᠠᠭᠤᠯᠭᠠᠵᠦ ᠪᠠᠶᠢᠨ᠎ᠠ᠃ ᠬᠢᠨᠠᠨ ᠵᠦᠪᠰᠢᠶᠠᠷᠠᠬᠦ ᠡᠷᠬᠡ ᠶᠢ | ᠳᠣᠷᠣᠭᠰᠢ ᠪᠠᠭᠤᠯᠭᠠᠭᠰᠠᠨ ᠤ ᠰᠡᠭᠦᠯᠡᠷ᠂ ᠬᠢᠨᠠᠨ ᠵᠦᠪᠰᠢᠶᠡᠷᠡᠬᠦ ᠴᠠᠭ ᠶᠡᠭᠡ ᠪᠠᠷ ᠪᠣᠭᠤᠨᠢᠰᠴᠠᠢ᠃ ᠵᠠᠰᠠᠭ ᠵᠠᠬᠢᠷᠭᠠᠨ ᠤ | ᠬᠠᠤᠯᠢ ᠬᠡᠷᠡᠭᠵᠢᠭᠦᠯᠬᠦ ᠬᠠᠷᠢᠭᠤᠴᠠᠯᠭ᠎ᠠ ᠶᠢᠨ ᠳᠦᠷᠢᠮ ᠢ ᠤᠯᠠᠮ ᠴᠢᠩᠭᠠᠷᠠᠭᠤᠯᠵᠦ᠂ ᠵᠠᠰᠠᠭ ᠵᠠᠬᠢᠷᠭᠠᠨ ᠤ ᠬᠠᠤᠯᠢ | ᠬᠡᠷᠡᠭᠵᠢᠭᠦᠯᠬᠦ ᠠᠵᠢᠯᠯᠠᠭ᠎ᠠ ᠶᠢ ᠳᠦᠷᠢᠮᠵᠢᠭᠦᠯᠵᠦ᠂ ᠵᠠᠰᠠᠭ ᠵᠠᠬᠢᠷᠭᠠᠨ ᠤ ᠡᠷᠬᠡ ᠶᠢᠨ ᠨᠠᠷᠢᠨ ᠳᠠᠩᠰᠠ ᠶᠢ ᠡᠮᠬᠢᠯᠡᠨ | ᠲᠢᠭᠯᠡᠬᠦ ᠠᠵᠢᠯ ᠢ ᠪᠡᠶᠡᠯᠡᠬᠦᠯᠦᠭᠡᠳ᠂ ᠵᠠᠰᠠᠭ ᠵᠠᠬᠢᠷᠭᠠᠨ ᠤ ᠵᠥᠪᠰᠢᠶᠡᠷᠡᠯ᠂ ᠵᠠᠰᠠᠭ ᠵᠠᠬᠢᠷᠭᠠᠨ ᠤ ᠰᠢᠢᠳᠬᠡᠯ ᠵᠡᠷᠭᠡ | ᠳᠣᠯᠣᠭᠠᠨ ᠶᠡᠭᠡ ᠲᠥᠷᠥᠯ ᠤᠨ ᠨᠡᠶᠢᠳᠡ 298 ᠵᠦᠢᠯ ᠤᠨ ᠵᠠᠰᠠᠭ ᠵᠠᠬᠢᠷᠭᠠᠨ ᠤ ᠡᠷᠬᠡ ᠶᠢᠨ ᠲᠥᠷᠥᠯ ᠵᠦᠢᠯ ᠤᠨ | ᠭᠠᠷᠴᠠᠭ ᠢ ᠡᠮᠬᠢᠯᠡᠨ ᠲᠢᠭᠯᠡᠵᠦ᠂ ᠵᠠᠰᠠᠭ ᠵᠠᠬᠢᠷᠭᠠᠨ ᠤ ᠵᠥᠪᠰᠢᠶᠡᠷᠡᠯ ᠤᠨ ᠠᠵᠢᠯᠯᠠᠭ᠎ᠠ ᠶᠢᠨ ᠬᠡᠷᠡᠭ ᠶᠠᠪᠤᠳᠠᠯ | ᠭᠦᠢᠴᠡᠳᠬᠡᠬᠦ ᠵᠦᠭᠯᠡᠭᠦᠷ ᠪᠠ ᠴᠤᠪᠤᠷᠠᠯ ᠤᠨ ᠵᠢᠷᠤᠭ ᠢ ᠨᠠᠶᠢᠷᠠᠭᠤᠯᠤᠨ ᠵᠣᠬᠢᠶᠠᠵᠤ᠂ ᠡᠭᠦᠨ ᠤ ᠬᠠᠮᠲᠤ ᠫᠣᠷᠲ᠋ᠧᠯ | ᠰᠠᠶᠢᠲ ᠢᠶᠠᠷ ᠳᠠᠮᠵᠢᠭᠤᠯᠤᠨ ᠨᠡᠶᠢᠭᠡᠮ ᠳᠤ ᠨᠡᠶᠢᠲᠡᠯᠡᠵᠦ᠂ ᠵᠠᠰᠠᠭ ᠵᠠᠬᠢᠷᠭᠠᠨ ᠤ ᠡᠷᠬᠡ᠂ ᠵᠠᠰᠠᠭ ᠵᠠᠬᠢᠷᠭᠠᠨ ᠤ | ᠰᠢᠢᠳᠬᠡᠯ ᠤᠨ ᠴᠢᠯᠤᠭᠡᠳᠤ ᠲᠠᠰᠤᠯᠤᠯᠲᠠ ᠶᠢᠨ ᠡᠷᠬᠡ ᠶᠢ ᠳᠤᠷ᠎ᠠ ᠪᠠᠷ ᠢᠶᠠᠨ ᠬᠡᠷᠡᠭᠯᠡᠬᠦ ᠶᠢ ᠡᠭᠦᠰᠤᠯ ᠰᠤᠷᠪᠤᠯᠵᠢ ᠠᠴᠠ | ᠨᠢ ᠰᠡᠷᠭᠡᠶᠢᠯᠡᠵᠦ᠂ ᠵᠠᠰᠠᠭ ᠵᠠᠬᠢᠷᠭᠠᠨ ᠤ ᠬᠠᠤᠯᠢ ᠬᠡᠷᠡᠭᠵᠢᠭᠦᠯᠬᠦ ᠶᠢ ᠳᠦᠷᠢᠮᠵᠢᠭᠦᠯᠪᠡ᠃ ᠠᠰᠳᠠᠭᠠᠨ ᠪᠠᠰᠠ | ᠤᠶᠢᠯᠭᠠᠭᠰᠠᠨ ᠢᠶᠠᠷ᠂ ᠥᠪᠡᠷᠲᠡᠭᠡᠨ ᠵᠠᠰᠠᠬᠤ ᠣᠷᠣᠨ ᠤ ᠡᠳ᠋ ᠤᠨ ᠵᠠᠰᠠᠭ ᠠᠴᠠ 102 ᠬᠤᠰᠢᠭᠤ ᠰᠢᠶᠠᠨ ᠵᠢᠴᠢ | ᠰᠤᠮᠤ ᠰᠢᠶᠠᠩ ᠪᠠᠯᠭᠠᠰᠤ ᠳᠤ ᠢᠳᠡᠭᠡᠨ ᠤ ᠠᠮᠤᠷ ᠲᠦᠪᠰᠢᠨ ᠤ ᠬᠢᠨᠠᠯᠳᠠ ᠬᠠᠮᠢᠶᠠᠷᠤᠯᠳᠠ ᠶᠢᠨ ᠲᠦᠷᠭᠡᠨ ᠪᠠᠶᠢᠴᠠᠭᠠᠬᠤ | ᠲᠥᠬᠦᠭᠡᠷᠥᠮᠵᠢ ᠲᠤᠬᠢᠷᠠᠭᠤᠯᠬᠤ ᠪᠠᠷ ᠲᠤᠰᠬᠠᠢ ᠪᠡᠯᠡ ᠮᠥᠩᠭᠦ ᠲᠦᠯᠦᠪᠯᠡᠨᠲ᠋ᠤᠬᠢᠷᠠᠭᠤᠯᠵᠦ᠂ ᠨᠢᠭᠡᠳᠦᠭᠡᠷ ᠪᠦᠯᠦᠭ ᠤᠨ | 4 ᠠᠶᠢᠮᠠᠭ ᠬᠤᠲᠠ 38 ᠬᠤᠰᠢᠭᠤ ᠰᠢᠶᠠᠨ ︵ᠬᠤᠲᠠ᠂ ᠲᠣᠭᠤᠷᠢᠭ︶ ᠤ ᠲᠥᠬᠦᠭᠡᠷᠥᠮᠵᠢ ᠶᠢᠨ ᠲᠥᠰᠥᠪ ᠤᠨ ᠪᠡᠯᠡ | ᠮᠥᠩᠭᠦ ᠨᠢᠭᠡᠨᠲᠡ ᠤᠷᠤᠨ ᠪᠠᠶᠢᠷᠢᠨ ᠳᠠᠭᠠᠨ ᠬᠦᠷᠴᠠᠢ᠃ ᠮᠠᠨ ᠤ ᠣᠷᠣᠨ ᠤ ᠢᠳᠡᠭᠡᠨ ᠪᠠ ᠡᠮ ᠤᠨ ᠵᠦᠢᠯ ᠤᠨ ᠬᠢᠨᠠᠨ | ᠬᠠᠮᠢᠶᠠᠷᠤᠯᠲᠠ ᠶᠢᠨ ᠰᠢᠰᠲ᠋ᠧᠮ ᠤᠨ ᠮᠡᠳᠡᠭᠡ ᠵᠠᠩᠭᠢᠴᠢᠯᠠᠯᠲᠠ ᠶᠢᠨ ᠪᠦᠲᠦᠭᠡᠨ ᠪᠠᠶᠢᠭᠤᠯᠤᠯᠲᠠ ᠴᠤ ᠠᠩᠬ᠎ᠠ ᠠᠯᠬᠤᠮ | ᠪᠦᠷᠢᠯᠳᠦᠵᠦ᠂ ᠢᠳᠡᠭᠡᠨ ᠤ ᠵᠦᠢᠯ᠂ ᠡᠮ ᠤᠨ ᠵᠦᠢᠯ ᠡᠮᠴᠢᠯᠡᠭᠡᠨ ᠤ ᠪᠠᠭᠠᠵᠢ ᠬᠡᠷᠡᠭᠯᠡᠭᠦᠷ ᠤᠨ ᠠᠶᠤᠯ ᠦᠭᠡᠢ ᠶᠢᠨ | ᠬᠢᠨᠠᠨ ᠬᠠᠮᠢᠶᠠᠷᠤᠯᠲᠠ ᠶᠢᠨ ᠲᠤᠰᠬᠠᠢ ᠮᠡᠷᠭᠡᠵᠢᠯᠲᠡᠨ ᠢ 596 ᠨᠡᠷ᠎ᠡ ᠰᠢᠯᠢᠨ ᠰᠣᠩᠭᠤᠵᠤ᠂ ᠲᠤᠰᠬᠠᠢ ᠮᠡᠷᠭᠡᠵᠢᠯᠲᠡᠨ ᠤ | ᠬᠥᠮᠥᠷᠭᠡ ᠶᠢ ᠪᠦᠲᠦᠭᠡᠨ ᠪᠠᠶᠢᠭᠤᠯᠤᠨ ᠲᠡᠭᠦᠯᠳᠡᠷᠵᠢᠭᠦᠯᠵᠡᠢ᠃ | | | ᠪᠡᠯᠡᠳᠭᠡᠭᠰᠡᠨ ᠨᠢ᠄ ᠭᠧ ᠲᠣᠸᠠᠨ ᠯᠢᠶᠡᠨ | |