| ᠮᠤᠩᠭᠤᠯᠴᠤᠳ ᠠᠯᠢ ᠤᠵᠤᠭᠤᠷ ᠲᠠᠭᠠᠨ ᠬᠠᠷ᠎ᠠ ᠠᠷᠢᠬᠢ ᠤᠤᠭᠤᠳᠠᠬ ᠦᠬᠡᠢ᠃ ᠭᠤᠤᠯ ᠨᠢ ᠰᠠᠭᠠᠯᠢ ᠶᠢᠨ ᠠᠷᠢᠬᠢ | ᠤᠤᠭᠤᠳᠠᠬ ᠶᠤᠮ᠃ ᠰᠠᠭᠠᠯᠢ ᠶᠢᠨ ᠠᠷᠢᠬᠢᠨ ᠳᠤ ᠠᠷᠠᠵᠠ᠂ ᠬᠤᠤᠷᠠᠵᠠ᠂ ᠱᠢᠷᠠᠵᠠ᠂ ᠪᠤᠷᠠᠵᠠ ᠬᠡᠳ ᠤᠯᠠᠨ ᠲᠦᠷᠦᠯ | ᠬᠤᠪᠢᠶᠠᠳᠠᠬ ᠴᠤ ᠬᠤᠤᠷᠠᠵᠠ᠂ ᠱᠢᠷᠠᠵᠠ᠂ ᠪᠤᠷᠠᠵᠠ ᠳᠤ ᠠᠭᠤᠯᠤᠬᠳᠠᠬᠤ ᠰᠫᠢᠷᠲ ᠤᠨ ᠬᠡᠮᠵᠢᠶ᠎ᠠ ᠨᠢ ᠨᠢᠬᠡ ᠨᠢᠬᠡᠨ ᠠᠴᠠ ᠪᠠᠨ | ᠦᠨᠳᠦᠷ ᠪᠠᠶᠢᠳᠠᠬ ᠳᠤᠯᠠᠳᠠ ᠡᠩ ᠤᠨ ᠪᠠᠶᠢᠳᠠᠯ ᠳᠤ ᠨᠡᠷᠡᠬᠦ ᠦᠬᠡᠢ᠃ ᠤᠯᠠᠩᠭᠢ ᠳᠠᠭᠠᠨ ᠬᠠᠷᠢᠭᠤᠯᠭ᠎ᠠ ᠪᠤᠯᠤᠨ ᠠᠷᠠᠵᠠ ︵ | ᠪᠠᠷᠤᠬ 30 — 40 ᠭᠷᠠᠳᠦ᠋ᠰ ᠪᠠᠶᠢᠳᠠᠬ︶ ᠶᠢ ᠤᠤᠭᠤᠬᠤ ᠵᠠᠩᠰᠢᠯ ᠲᠠᠢ᠃ ᠴᠠᠬᠠᠷᠴᠤᠳ ᠰᠠᠭᠠᠯᠢ ᠶᠢᠨ ᠠᠷᠢᠬᠢ ᠪᠠᠨ | ᠳᠡᠭᠷᠢ ᠪᠤᠷᠬᠠᠨ ᠠᠴᠠ ᠰᠤᠶᠤᠷᠬᠠᠬᠰᠠᠨ ᠬᠡᠰᠢᠭ ᠬᠡᠮᠡᠨ ᠡᠷᠬᠢᠮᠨᠡᠨ ᠨᠠᠨᠳᠢᠩᠨᠠᠬᠤ ᠪᠠᠷ ᠪᠠᠷᠠᠬᠤ ᠦᠬᠡᠢ ᠨᠢᠬᠡ ᠨᠢᠬᠡᠨ ᠳᠡᠭᠡᠨ | ᠪᠠᠷᠢᠬᠤ ᠳᠠᠭᠠᠨ ᠴᠤ ᠵᠢᠷᠤᠮᠯᠠᠬᠤ ᠨᠠᠷᠢᠨ ᠶᠤᠰᠤ ᠵᠦᠢ ᠲᠠᠢ ᠶᠤᠮ᠃ ᠢᠯᠡᠩᠭᠤᠶ᠎ᠠ ᠴᠠᠬᠠᠷ ᠮᠤᠩᠭᠤᠯ ᠪᠤᠯ ᠪᠤᠬᠳᠠ ᠬᠠᠭᠠᠨ ᠤ | ᠳᠤᠷᠭᠠᠨ ᠴᠡᠷᠢᠭ᠂ ᠮᠤᠩᠭᠤᠯ ᠤᠨ ᠡᠵᠡᠨᠳᠦ ᠠᠶᠢᠮᠠᠬ ᠪᠠᠶᠢᠬᠰᠠᠨ ᠳᠤᠯᠠᠳᠠ ᠬᠠᠭᠠᠨ ᠤᠷᠳᠤᠨ ᠤ ᠨᠠᠷᠢᠨ ᠶᠤᠰᠤ ᠵᠦᠢ ᠴᠠᠬᠠᠷ | ᠠᠷᠠᠳ ᠤᠨ ᠳᠤᠮᠳᠠ ᠤᠯᠠᠮᠵᠢᠯᠠᠬᠳᠠᠨ ᠳᠡᠯᠬᠡᠷᠡᠵᠤ᠂ ᠳᠡᠬᠦᠰ ᠪᠤᠯᠪᠠᠰᠤᠨ ᠡᠷᠬᠢᠮᠰᠦᠭ ᠰᠠᠶᠢᠬᠠᠨ ᠦᠪᠡᠷᠮᠢᠴᠡ ᠵᠠᠩ ᠦᠢᠯᠡ | ᠪᠤᠯᠵᠤ ᠪᠦᠷᠢᠯᠳᠦᠭᠰᠡᠨ ᠪᠠᠶᠢᠨ᠎ᠠ᠃ | ᠲᠡᠨᠳᠡ ᠢᠷᠡᠭᠰᠡᠨ ᠬᠡᠶᠢᠴᠢᠨ ᠳᠤ ᠠᠷᠢᠬᠢ ᠪᠠᠷᠢᠬᠤ ᠳᠠᠭᠠᠨ ᠵᠠᠪᠠᠯ ᠬᠤᠪᠴᠠᠰᠤ ᠬᠤᠨᠠᠷ ᠮᠠᠯᠠᠭᠠᠢ ᠪᠤᠶᠤ | ᠰᠦᠢᠬᠡ ᠪᠠᠨ ᠳᠡᠭᠰᠢᠬᠡᠨ ᠡᠮᠦᠰᠴᠤ ᠵᠡᠬᠦᠭᠡᠳ ᠬᠠᠨᠴᠤᠢ ᠪᠠᠨ ᠪᠠᠭᠤᠯᠭᠠᠳᠠᠬ᠃ ᠠᠬᠠᠮᠠᠳ ᠳᠤᠮᠤᠭᠠᠳᠠᠳ ᠢ ᠰᠠᠭᠠᠳᠠᠭᠤᠯᠵᠤ᠂ | ᠦᠪᠡᠷ ᠢᠶᠠᠨ ᠵᠤᠬᠰᠤᠭᠠᠳ ᠪᠠᠷᠠᠭᠤᠨ ᠭᠠᠷ ᠢᠶᠠᠷ ᠢᠶᠠᠨ ᠬᠡᠮ ᠢᠶᠠᠨ ᠪᠠᠷᠢᠵᠤ᠂ ᠵᠡᠬᠦᠨ ᠠᠯᠠᠭ᠎ᠠ ᠪᠠᠨ ᠳᠡᠯᠬᠡᠬᠡᠳ ᠮᠦᠷᠬᠦᠳᠡᠭ᠃ | ᠪᠦᠰᠡᠬᠦᠢ ᠬᠦᠮᠦᠨ ᠪᠤᠯ ᠠᠷᠢᠬᠢ ᠪᠠᠷᠢᠴᠢᠬᠠᠭᠠᠳ ᠠᠯᠠᠭ᠎ᠠ ᠪᠠᠨ ᠬᠠᠪᠰᠤᠷᠤᠨ ᠵᠠᠯᠪᠠᠷᠢᠵᠤ ᠡᠪᠦᠳᠦᠭ ᠢᠶᠠᠨ ᠳᠤᠷᠤᠬᠰᠢ ᠨᠢ | ᠨᠤᠭᠤᠯᠤᠰᠬᠢᠨ ᠮᠦᠷᠬᠦᠨ᠎ᠠ᠃ ᠪᠦᠰᠡᠳᠡᠢ ᠬᠦᠮᠦᠨ ᠪᠤᠯ ᠬᠤᠶᠠᠷ ᠠᠯᠠᠭ᠎ᠠ ᠪᠠᠨ ᠳᠡᠯᠬᠡᠨ ᠮᠦᠷᠬᠦᠨ᠎ᠠ᠃ ᠬᠡᠶᠢᠴᠢᠨ | ᠬᠤᠨᠳᠠᠭ᠎ᠠ ᠶᠢ ᠳᠤᠰᠤᠭᠠᠳ ᠵᠡᠬᠦᠨ ᠠᠯᠠᠭ᠎ᠠ ᠪᠠᠨ ᠳᠡᠯᠬᠡᠨ ᠶᠤᠰᠤ ᠬᠦᠢᠴᠡᠳᠭᠡᠵᠤ ᠰᠢᠷᠡᠬᠡᠨ ᠳᠡᠬᠡᠷ᠎ᠠ ᠳᠠᠯᠪᠢᠨ᠎ᠠ᠃ ᠦᠶ᠎ᠠ | ᠬᠤᠷᠠᠬ ᠤᠨ ᠬᠦᠮᠦᠨ ᠪᠤᠯ ᠬᠤᠶᠠᠭᠤᠯᠠ ᠵᠤᠬᠰᠤᠭᠠᠳ ᠶᠤᠰᠤ ᠬᠦᠢᠴᠡᠳᠭᠡᠭᠰᠡᠨ ᠴᠤ ᠪᠤᠯᠤᠨ᠎ᠠ᠃ ᠳᠡᠬᠦᠮᠡᠳ ᠬᠦᠮᠦᠨ ᠳᠤ | ᠰᠠᠭᠤᠵᠤ ᠪᠠᠷᠢᠳᠠᠬ᠃ ᠬᠡᠤᠭᠡᠳ ᠠᠷᠢᠬᠢ ᠪᠠᠷᠢᠬᠤ ︵ᠪᠤᠶᠤ ᠳᠤᠰᠬᠤ︶ ᠳᠤ ᠬᠤᠷᠮᠤᠢ ᠪᠠᠨ ᠪᠠᠷᠢᠵᠤ ᠮᠦᠷᠬᠦᠳᠡᠭ ᠶᠤᠮ᠃ | ᠢᠩᠭᠢᠵᠦ ᠬᠠᠮᠤᠬ ᠠᠩᠬᠠᠨ ᠤ ᠠᠷᠢᠬᠢ ᠪᠠᠷᠢᠬᠤ ᠶᠤᠰᠤ ᠶᠢ ᠬᠦᠢᠴᠡᠳᠭᠡᠭᠰᠡᠨ ᠤ ᠳᠠᠷᠠᠭ᠎ᠠ᠂ ᠤᠳᠠᠯ ᠦᠬᠡᠢ ᠠᠷᠢᠬᠢ | ᠰᠡᠷᠬᠦᠭᠡᠬᠦ ᠶᠤᠰᠤ ᠬᠦᠢᠴᠡᠳᠭᠡᠳᠡᠭ᠃ ᠠᠷᠢᠬᠢ ᠰᠡᠷᠬᠦᠭᠡᠬᠦ ᠭᠡᠳᠡᠭ ᠨᠢ ᠳᠠᠷᠦᠢ ᠪᠠᠷᠢᠬᠰᠠᠨ ᠬᠤᠨᠳᠠᠭ᠎ᠠ ᠲᠠᠢ ᠠᠷᠢᠬᠢ ᠪᠠᠨ | ᠤᠤᠭᠤᠯᠭᠠᠬᠤ ᠶᠢ ᠬᠡᠯᠡᠨ᠎ᠠ᠃ ᠬᠡᠷ ᠤᠨ ᠡᠵᠡᠨ ᠪᠤᠶᠤ ᠡᠵᠡᠭᠳᠡᠢ ᠠᠴᠠ ᠪᠠᠷᠠᠭᠤᠨ ᠠᠯᠠᠭ᠎ᠠ ᠪᠠᠨ ᠳᠡᠭᠡᠭᠰᠢ ᠬᠠᠨᠳᠤᠭᠤᠯᠤᠨ | ᠳᠡᠯᠬᠡᠬᠡᠳ ᠠᠬᠠᠮᠠᠳ ᠬᠡᠶᠢᠴᠢᠨ ᠪᠤᠯ ︽ᠵᠤᠭᠤᠬᠯᠠᠴᠢᠬᠠ᠂ ᠵᠤᠭᠤᠬᠯᠠᠴᠢᠬᠠ︾ ᠬᠡᠵᠤ ᠶᠠᠩᠨᠠᠵᠤ ᠤᠤᠭᠤᠯᠭᠠᠨ᠎ᠠ᠃ ᠦᠶ᠎ᠠ | ᠬᠤᠷᠠᠬ ᠤᠨ ᠬᠦᠮᠦᠨ ᠪᠤᠯ ︽ᠪᠠᠷᠢᠴᠢᠬᠠ᠂ ᠪᠠᠷᠢᠴᠢᠬᠠ︾ ᠬᠡᠵᠤ ᠶᠠᠩᠨᠠᠨ᠎ᠠ᠃ ᠳᠡᠭᠡᠬᠦ ᠳᠤ ᠬᠡᠶᠢᠴᠢᠨ ᠬᠤᠨᠳᠠᠭ᠎ᠠ ᠲᠠᠢ | ᠠᠷᠢᠬᠢᠨ ᠳᠤ ᠢᠳᠡᠮ ᠬᠤᠷᠤᠭᠤ ᠪᠠᠨ ᠲᠦᠷᠢᠵᠤ᠂ ᠠᠷᠢᠬᠢᠨ ᠤ ᠳᠡᠭᠡᠵᠢ ᠶᠢ ︽ᠡᠴᠢᠬᠡ ᠳᠡᠭᠷᠢ᠂ ᠡᠬᠡ ᠳᠡᠯᠡᠬᠡᠢ᠂ ᠡᠪᠦᠭᠡ | ᠳᠡᠭᠡᠳᠦᠰ︾ ᠬᠡᠮᠡᠨ ᠭᠤᠷᠪᠠ ᠰᠡᠷᠵᠢᠮᠯᠡᠬᠡᠳ ᠠᠮᠰᠠᠭᠠᠳ ᠦᠭᠳᠡᠭ᠃ ᠬᠡᠪᠡᠴᠦ ᠴᠠᠬᠠᠷ ᠮᠤᠩᠭᠤᠯᠴᠤᠳ ᠬᠤᠨᠳᠠᠭ᠎ᠠ ᠶᠢ ᠠᠪᠤᠯ | ᠦᠬᠡᠢ ᠤᠤᠭᠤᠯᠭᠠᠨ᠎ᠠ ᠬᠡᠳ ᠢᠯᠡᠬᠦᠤ ᠬᠤᠶᠠᠷ ᠶᠠᠩᠨᠠᠳᠠᠬ ᠪᠤᠯᠪᠠᠴᠤ ᠳᠤᠩ ᠳᠡᠶᠢᠯᠬᠦ ᠦᠬᠡᠢ ᠪᠤᠯ ᠱᠠᠯᠠᠳᠠᠬ ᠦᠬᠡᠢ᠃ | ᠶᠠᠩᠨᠠᠵᠤ ᠤᠤᠭᠤᠯᠭᠠᠬᠤ ᠨᠢ ᠵᠦᠪᠬᠡᠨ ᠬᠦᠨᠳᠦᠳᠬᠡᠬᠦ ᠰᠡᠳᠬᠢᠯᠬᠡ ᠪᠠᠨ ᠢᠯᠡᠳᠬᠡᠵᠤ ᠪᠠᠶᠢᠭ᠎ᠠ ᠶᠤᠮ᠃ ᠬᠡᠷᠪᠡ ᠶᠠᠩᠨᠠᠬᠤ | ᠦᠬᠡᠢ ᠪᠤᠯ ᠠᠷᠢᠬᠢ ᠪᠠᠨ ᠬᠠᠷᠠᠮᠨᠠᠵᠤ ᠪᠠᠶᠢᠨ᠎ᠠ ᠬᠡᠵᠤ ᠪᠤᠳᠤᠬᠤ ᠠᠴᠠ ᠲᠦᠪᠡᠭᠰᠢᠶᠡᠨᠠ᠃ ᠳᠡᠭᠡᠭᠡᠳ ᠬᠤᠨᠳᠠᠭ᠎ᠠ ᠶᠢ ᠳᠤᠰᠴᠤ | ᠠᠪᠤᠭᠠᠳ ᠳᠡᠭᠡᠷ᠎ᠠ ᠨᠢ ᠠᠷᠢᠬᠢ ᠨᠡᠮᠡᠨ ᠲᠦᠬᠦᠷᠭᠡᠭᠡᠳ᠂ ᠪᠤᠴᠠᠭᠠᠵᠤ ᠶᠤᠰᠤᠴᠢᠯᠠᠨ ᠮᠦᠷᠬᠦᠵᠤ ᠪᠠᠷᠢᠳᠠᠬ ᠶᠤᠰᠤ ᠲᠠᠢ᠃ | ᠮᠣᠩᠭᠤᠯᠴᠣᠳ ᠤᠨ ᠠᠷᠢᠬᠢ ᠰᠡᠷᠵᠢᠮᠯᠡᠬᠦ ᠪᠤᠯ ᠬᠦᠨ ᠳᠠᠯᠳᠠ ᠰᠠᠨᠠᠭ᠎ᠠ ᠶᠢ ᠢᠯᠡᠳᠬᠡᠵᠤ ᠪᠠᠶᠢᠭ᠎ᠠ ᠶᠤᠮ᠃ ᠳᠡᠷᠡ ᠨᠢ | ᠶᠢᠰᠦᠬᠡᠢ ᠪᠠᠭᠠᠳᠤᠷ ᠬᠦᠤ ᠳᠡᠮᠦᠵᠢᠨ ᠳᠤ ᠪᠡᠷᠢ ᠭᠤᠶᠤᠭᠠᠳ ᠪᠤᠴᠠᠬᠤ ᠵᠠᠮ ᠳᠠᠭᠠᠨ ᠲᠠᠲ᠋ᠠᠷ ᠢᠷᠬᠡᠨ ᠤ ᠳᠠᠶᠢᠯᠠᠯᠭ᠎ᠠ ᠳᠤ | ᠤᠷᠢᠬᠳᠠᠨ ᠬᠤᠤᠷᠠᠳᠤ ᠠᠷᠢᠬᠢ ᠶᠢ ᠨᠢ ᠮᠡᠳᠡᠭᠰᠡᠨ ᠦᠬᠡᠢ ᠤᠤᠭᠤᠭᠠᠳ ᠨᠠᠰᠤ ᠨᠦᠭᠴᠢᠭᠰᠡᠨ ᠶᠤᠮ᠃ ᠳᠡᠬᠦᠨ ᠠᠴᠠ | ᠬᠤᠶᠢᠰᠢ ᠮᠤᠩᠭᠤᠯᠴᠤᠳ ᠠᠷᠢᠬᠢ ᠰᠡᠷᠵᠢᠮᠯᠡᠬᠦ ᠪᠠᠷ ᠳᠠᠮᠵᠢᠭᠤᠯᠤᠨ ᠬᠤᠤᠷᠠᠳᠤ ᠢᠳᠡᠭᠡᠨ ᠤᠮᠳᠠᠭᠠᠨ ᠢ ᠬᠢᠯᠪᠠᠷᠬᠠᠨ ᠰᠢᠯᠭᠠᠵᠤ | ᠮᠡᠳᠡᠳᠡᠭ ᠪᠠᠶᠢᠨ᠎ᠠ᠃ | ᠬᠡᠷᠪᠡ ᠰᠡᠷᠵᠢᠮᠯᠡᠬᠦ ᠦᠶᠡᠰ ᠠᠷᠢᠬᠢᠨ ᠳᠤᠰᠤᠯ ᠨᠢ ᠢᠳᠠᠮ ᠬᠤᠷᠤᠭᠤ ᠶᠢ ᠨᠢ ᠲᠠᠭᠠᠨ ᠳᠤᠷᠤᠬᠰᠢ ᠤᠷᠤᠰᠴᠤ | ᠮᠦᠡᠭᠭᠦᠨ ᠪᠦᠬᠡᠵᠢᠨ ᠳᠡᠭᠡᠷ᠎ᠠ ᠳᠤᠰᠴᠤ ᠳᠦᠳᠡᠭᠡᠨ ᠵᠠᠭᠤᠷ᠎ᠠ ᠦᠡᠭᠭᠡ ᠨᠢ ᠬᠠᠷᠠᠯᠠᠪᠠᠯ ᠳᠠᠷᠦᠢ ᠬᠤᠤᠷ᠎ᠠ ᠲᠠᠢ ᠠᠷᠢᠬᠢ ᠬᠡᠳᠡᠭ ᠢ | ᠮᠡᠳᠡᠵᠤ ᠪᠤᠯᠤᠨ᠎ᠠ᠃ ᠡᠰᠡ ᠲᠡᠶᠢᠮᠤ ᠪᠤᠯ ᠠᠰᠠᠭᠤᠳᠠᠯ ᠦᠬᠡᠢ᠃ ᠨᠦᠬᠦᠬᠡ ᠨᠢ ᠮᠤᠩᠭᠤᠯ ᠪᠦᠰᠡᠳᠠᠶᠢᠴᠤᠳ ᠬᠡᠵᠢᠶᠡᠳᠡ | ᠪᠡᠶ᠎ᠠ ᠳᠡᠭᠡᠨ ᠠᠶᠠᠭ᠎ᠠ᠂ ᠬᠡᠳᠡ ᠬᠢᠳᠤᠭ᠎ᠠ ᠠᠪᠴᠤ ᠶᠠᠪᠤᠳᠠᠬ ᠳᠠᠳᠬᠠᠯ ᠲᠠᠢ᠃ ᠬᠡᠬᠡᠷ᠎ᠠ ᠬᠦᠳᠡᠭᠡ ᠠᠩ ᠤᠨ ᠮᠢᠬ᠎ᠠ ᠢᠳᠡᠬᠦ | ᠪᠤᠶᠤ ᠤᠮᠳᠠ ᠤᠤᠭᠤᠬᠤ ᠳᠤ ᠲᠦᠬᠦᠮ ᠪᠠᠶᠢᠳᠠᠬ ᠪᠦᠭᠡᠳ ᠠᠶᠢᠯ ᠳᠤ ᠤᠷᠤᠬᠰᠠᠨ ᠴᠤ ᠦᠪᠡᠷ ᠤᠨ ᠠᠶᠠᠭ᠎ᠠ ᠪᠠᠨ | ᠬᠡᠷᠡᠭᠯᠡᠳᠡᠭ᠃ ᠬᠡᠷᠪᠡ ᠮᠤᠳᠤᠨ ᠠᠶᠠᠭ᠎ᠠ ᠪᠤᠯ ᠬᠢᠳᠤᠭ᠎ᠠ ᠶᠢᠨ ᠬᠤᠢ ᠳᠤ ᠳᠠᠭᠠᠯᠳᠤᠬᠰᠠᠨ ᠵᠠᠭᠠᠨ ᠤ ᠰᠤᠶᠤᠭᠠᠨ ᠰᠠᠪᠬ᠎ᠠ ᠪᠠᠨ | ᠭᠠᠷᠭᠠᠨ ᠰᠠᠪᠬᠠᠯᠠᠪᠠᠯ ᠬᠤᠤᠷ᠎ᠠ ᠲᠠᠢ ᠡᠰᠡᠬᠦ ᠶᠢ ᠮᠡᠳᠡᠴᠢᠬᠡᠬᠦ ᠶᠤᠮ᠃ ᠡᠨᠡ ᠨᠢ ᠳᠤᠬᠠᠢ ᠶᠢᠨ ᠦᠶ᠎ᠠ ᠳᠤ ᠮᠤᠩᠭᠤᠯ ᠬᠦᠮᠦᠨ ᠤ | ᠰᠢᠨ᠎ᠠ ᠡᠬᠦᠳᠦᠯᠳᠡ᠂ ᠬᠤᠤᠰ ᠦᠬᠡᠢ ᠮᠡᠷᠬᠡᠨ ᠠᠷᠭ᠎ᠠ ᠬᠡᠵᠤ ᠬᠡᠯᠡᠵᠤ ᠪᠤᠯᠤᠨ᠎ᠠ᠃ | ᠬᠦᠨᠳᠦᠳᠦ ᠬᠡᠶᠢᠴᠢᠨ ᠮᠤᠷᠢᠯᠠᠨ ᠰᠠᠭᠠᠳᠠᠬᠰᠠᠨ ᠪᠤᠯ ᠭᠤᠷᠪᠠᠨ ᠬᠤᠨᠳᠠᠭ᠎ᠠ ᠠᠷᠢᠬᠢ ᠰᠡᠷᠬᠦᠭᠡᠭᠰᠡᠨ ᠤ ᠳᠠᠷᠠᠭ᠎ᠠ᠂ | ᠬᠠᠳᠠᠬ ᠰᠠᠮᠪᠠᠢ ᠳᠡᠯᠬᠡᠨ ᠮᠦᠡᠭᠭᠦᠨ ᠠᠶᠠᠭ᠎ᠠ ᠪᠠᠷ ᠠᠷᠢᠬᠢ ᠪᠠᠷᠢᠵᠤ᠂ ᠲᠦᠷᠦ ᠶᠢᠨ ᠳᠠᠭᠤᠤ ᠡᠷᠬᠦᠳᠡᠭ ᠵᠠᠩᠰᠢᠯ ᠲᠠᠢ᠃ | ᠬᠤᠭᠤᠷ ᠭᠦᠭᠵᠢᠮ ᠳᠤ ᠠᠪᠢᠶᠠᠰ ᠲᠠᠢ ᠬᠦᠭᠵᠢᠮᠴᠢᠨ ᠤᠷᠠᠯᠢᠬᠴᠢᠨ ᠠᠶᠢᠯ ᠪᠤᠯ ᠬᠤᠭᠤᠷ ︵ᠬᠠᠩᠭᠢᠨᠠᠮ᠎ᠠ᠂ ᠴᠠᠩᠭᠢᠨᠠᠮ᠎ᠠ᠂ | ᠬᠠᠮ ᠡᠭᠡᠰᠢᠭᠳᠦ︶ ᠱᠠᠨᠵᠠ ᠬᠦᠳᠡᠯᠬᠡᠨ᠂ ᠠᠶ᠎ᠠ ᠳᠠᠭᠤᠤ ᠶᠢ ᠠᠷᠪᠠᠨ ᠬᠤᠷᠤᠭᠤᠨ ᠳᠡᠭᠡᠷ᠎ᠠ ᠪᠠᠨ ᠳᠤᠬᠯᠠᠭᠤᠯᠬᠤ ᠨᠢ ᠳᠡᠷᠡ᠃ | ᠨᠡᠩ ᠴᠤ ᠤᠷᠳᠤᠨ ᠤ ᠬᠦᠭᠵᠢᠮ ᠴᠠᠬᠠᠷ ᠠᠰᠠᠷ ᠢ ᠠᠷᠢᠭᠤᠨ ᠳᠤᠩᠭᠠᠯᠠᠭ ᠭᠤᠤᠯ ᠭᠤᠷᠤᠬ᠎ᠠ ᠤᠷᠤᠰᠬᠤ ᠮᠡᠳᠦ | ᠰᠤᠬᠳᠤᠭᠤᠷᠠᠳᠠᠯᠠ ᠳᠠᠳᠠᠵᠤ᠂ ᠨᠠᠶᠢᠷ ᠬᠦᠭ ᠢ ᠤᠷᠬᠢᠯ ᠳᠤᠨᠢ ᠬᠦᠷᠭᠡᠳᠡᠭ᠃ | | ᠪᠡᠯᠡᠳᠭᠡᠭᠰᠡᠨ ᠨᠢ᠄ ᠭᠧ ᠲᠣᠸᠠᠨ ᠯᠢᠶᠡᠨ | | |