ᠬᠦᠯᠳᠡᠭᠡᠬᠦᠷ ᠲᠤ ᠬᠠᠳᠠᠭᠠᠯᠠᠵᠦ ᠪᠣᠯᠬᠤ ᠦᠭᠡᠢ ᠢᠳᠡᠭᠡᠨ
ᠨᠡᠶᠢᠲᠡᠯᠡᠭᠰᠡᠨ ᠴᠠᠭ᠄
2019-07-16
     1.ᠴᠣᠺᠣᠯᠡᠳ᠋       ᠴᠣᠺᠣᠯᠡᠳ᠋ ᠢ ᠬᠠᠳᠠᠭᠠᠯᠠᠬᠤ ᠬᠠᠮᠤᠭ ᠤᠨ ᠲᠣᠬᠢᠷᠠᠮᠵᠢᠳᠡᠢ ᠳᠣᠯᠠᠭᠠᠨ ᠨᠢ 5—18 ᠭᠷᠠᠳᠦ᠋ᠰ᠃ ᠴᠣᠺᠣᠯᠡᠳ᠋ ᠢ ᠬᠦᠯᠳᠡᠭᠡᠬᠦᠷ ᠲᠤ ᠬᠢᠭᠡᠳ ᠭᠠᠷᠭᠠᠪᠠᠯ᠂ ᠦᠩᠭᠡᠨ ᠲᠠᠯ᠎ᠠ ᠨᠢ ᠴᠠᠩᠳᠣᠵᠦ᠂ ᠥᠨᠥᠷ ᠠᠮᠲᠠ ᠨᠢ ᠮᠠᠭᠤᠳᠠᠳᠠᠭ ᠢᠶᠠᠷ ᠪᠠᠷᠠᠬᠤ ᠦᠭᠡᠢ ᠪᠠᠺᠲ᠋ᠧᠷᠢ ᠦᠷᠡᠵᠢᠬᠦ ᠪᠣᠯᠣᠮᠵᠢ ᠶᠢ ᠪᠣᠢ ᠪᠣᠯᠭᠠᠳᠠᠭ᠃    ᠭᠡᠪᠡᠴᠦ ᠰᠦᠯᠢᠶᠤᠤ ᠣᠭᠤᠳᠡ ᠳᠤ ᠰᠠᠶᠢᠨ ᠪᠢᠳᠡᠭᠦᠮᠵᠢᠯᠡᠭᠡᠳ ᠬᠦᠯᠳᠡᠭᠡᠬᠦᠷ ᠤᠨ ᠬᠦᠢᠳᠡᠨ ᠢᠶᠠᠷ ᠬᠠᠳᠠᠭᠠᠯᠠᠬᠤ ᠲᠠᠰᠣᠯᠭᠠᠨ ᠳᠤ ᠬᠠᠳᠠᠭᠠᠯᠠᠵᠦ ᠪᠣᠯᠣᠨ᠎ᠠ᠃ ᠭᠠᠷᠭᠠᠵᠦ ᠢᠷᠡᠭᠰᠡᠨ ᠤ ᠲᠠᠷᠠᠭ᠎ᠠ ᠳᠠᠷᠣᠶᠢᠬᠠᠨ ᠵᠠᠳᠠᠯᠵᠦ᠂ ᠬᠡᠪ ᠤᠨ ᠳᠣᠯᠠᠭᠠᠨ ᠳᠤ ᠬᠦᠷᠦᠭᠰᠡᠨ ᠤ ᠲᠠᠷᠠᠭ᠎ᠠ ᠢᠳᠡᠨ᠎ᠡ᠃      2.ᠡᠮ ᠤᠨ ᠮᠠᠲ᠋ᠧᠷᠢᠶᠠᠯ      ᠡᠮ ᠤᠨ ᠮᠠᠲ᠋ᠧᠷᠢᠶᠠᠯ ᠢ ᠬᠦᠯᠳᠡᠭᠡᠬᠦᠷ ᠲᠤ ᠬᠠᠳᠠᠭᠠᠯᠠᠬᠤ ᠨᠢ ᠲᠣᠬᠢᠷᠠᠮᠵᠢ ᠦᠭᠡᠢ᠃ ᠪᠣᠰᠣᠳ ᠢᠳᠡᠭᠡᠨ ᠤ ᠵᠦᠢᠯ ᠲᠠᠢ ᠴᠤᠭ ᠣᠳᠠᠭᠠᠨ ᠬᠠᠳᠠᠭᠠᠯᠠᠪᠠᠯ ᠡᠮ ᠤᠨ ᠮᠠᠲ᠋ᠧᠷᠢᠶᠠᠯ ᠳᠤ ᠪᠠᠺᠲ᠋ᠧᠷᠢ  ᠣᠷᠣᠬᠤ᠂ ᠴᠢᠬᠢᠭᠳᠡᠬᠦ ᠮᠡᠲᠦ ᠪᠠᠷ ᠴᠢᠨᠠᠷ ᠢ ᠨᠢ ᠠᠯᠳᠠᠭᠤᠯᠵᠦ ᠮᠡᠳᠡᠨ᠎ᠡ᠃      ᠬᠡᠷᠪᠡ ᠣᠷᠬᠤᠳᠡᠢ ᠮᠡᠲᠦ ᠶᠢᠨ ᠥᠨᠡᠳᠣ ᠡᠮ ᠤᠨ ᠮᠠᠲ᠋ᠧᠷᠢᠶᠠᠯ ᠢ ᠣᠳᠠᠭᠠᠨ ᠬᠠᠳᠠᠭᠠᠯᠠᠬᠤ ᠴᠢᠬᠤᠯᠠᠳᠡᠢ ᠪᠣᠯ ᠴᠡᠪᠡᠷ ᠰᠢᠯ ᠯᠣᠩᠬᠤᠨ ᠳᠤ ᠬᠢᠵᠦ᠂ ᠲᠡᠭᠡᠷ᠎ᠡ ᠨᠢ ᠰᠢᠷᠠᠯᠠᠳᠠᠯ᠎ᠠ ᠬᠠᠭᠤᠷᠣᠨᠨᠰᠠᠨ ᠬᠤᠨᠤᠭ ᠪᠣᠳᠠᠭ᠎ᠠ ᠬᠢᠵᠦ ᠰᠠᠯᠬᠢ ᠨᠡᠪᠳᠡᠷᠡᠳᠡᠭ ᠰᠡᠷᠢᠭᠦᠨ ᠰᠡᠬᠦᠳᠡᠷ ᠭᠠᠵᠡᠷ ᠬᠠᠳᠠᠭᠠᠯᠠᠪᠠᠯ ᠵᠤᠬᠢᠨ᠎ᠠ᠃       3.ᠲᠥᠪᠡᠳ ᠬᠠᠰᠢ       ᠲᠥᠪᠡᠳ ᠬᠠᠰᠢ ᠶᠢ ᠬᠦᠯᠳᠡᠭᠡᠵᠦ ᠪᠣᠯᠬᠤ ᠦᠭᠡᠢ᠂ ᠬᠦᠯᠳᠡᠭᠡᠪᠡᠯ ᠴᠦᠪᠦᠷᠢᠬᠦᠦ᠂ ᠬᠠᠷ᠎ᠠ ᠲᠤᠯᠪᠦ ᠭᠠᠷᠴᠦ ᠵᠦᠭᠡᠯᠡᠷᠡᠵᠦ ᠬᠠᠭᠠᠷᠠᠨ ᠥᠨᠥᠷ ᠠᠮᠳᠡ ᠨᠢ ᠬᠤᠪᠢᠷᠠᠳᠠᠭ ᠪᠠ ᠠᠮᠠᠷᠬᠠᠨ ᠢᠯᠵᠢᠷᠡᠳᠡᠭ᠃       4.ᠦᠷᠭᠡᠰᠣᠳᠣ ᠬᠡᠮᠬᠡ᠂ ᠴᠢᠨᠵᠣᠣ       ᠵᠦᠭᠡᠯᠡᠷᠡᠵᠦ ᠬᠠᠷᠠᠯᠠᠨ ᠥᠨᠥᠷ ᠠᠮᠳᠡ ᠨᠢ ᠬᠤᠪᠢᠷᠠᠨ᠎ᠠ᠃       ᠦᠷᠭᠡᠰᠣᠳᠣ ᠬᠡᠮᠬᠡ ᠨᠢ 10—12 ᠭᠷᠠᠳᠦ᠋ᠰ᠂ ᠴᠢᠨᠵᠣᠣ ᠨᠢ 7—8 ᠭᠷᠠᠳᠦ᠋ᠰ ᠲᠤ ᠬᠠᠳᠠᠭᠠᠯᠠᠬᠤ ᠳᠤ ᠲᠤᠬᠢᠷᠠᠮᠵᠢᠳᠡᠢ ᠪᠠᠶᠢᠳᠠᠭ ᠪᠦᠭᠡᠳ ᠣᠳᠠᠭᠠᠨ ᠬᠠᠳᠠᠭᠠᠯᠠᠵᠦ ᠪᠣᠯᠳᠠᠭ ᠦᠭᠡᠢ᠃       5.ᠪᠠᠨᠠᠨᠠ᠂ ᠪᠡᠷᠴᠢᠭᠡᠷ ᠯᠤᠤ ᠶᠢᠨ ᠨᠢᠳᠣ ᠵᠡᠷᠭᠡ ᠬᠠᠯᠠᠭᠤᠨ ᠪᠦᠰᠡ ᠶᠢᠨ ᠵᠢᠮᠢᠰ       ᠪᠠᠨᠠᠨᠠ ᠶᠢ 12 ᠭᠷᠠᠳᠦ᠋ᠰ ᠠᠴᠠ ᠲᠤᠤᠷ᠎ᠠ ᠲᠣᠯᠠᠭᠠᠨ ᠳᠤ ᠬᠠᠳᠠᠭᠠᠯᠠᠪᠠᠯ᠂ ᠲᠡᠮᠡᠢ ᠤᠳᠠᠬᠤ ᠦᠭᠡᠢ ᠬᠠᠷᠠᠯᠠᠵᠤ ᠢᠯᠵᠢᠷᠡᠳᠡᠭ᠃ ᠪᠣᠰᠣᠳ ᠵᠦᠢᠯ ᠤᠨ ᠬᠠᠯᠠᠭᠤᠨ ᠪᠦᠰᠡ ᠶᠢᠨ ᠵᠢᠮᠢᠰ ᠴᠦ ᠠᠳᠠᠯᠢᠬᠠᠨ ᠠᠮᠠᠷᠬᠠᠨ ᠬᠠᠷᠠᠯᠠᠵᠦ᠂ ᠰᠢᠮ᠎ᠡ ᠲᠡᠵᠢᠭᠡᠯ ᠨᠢ ᠠᠯᠳ᠋ᠬᠠᠳᠠᠨ ᠢᠯᠵᠢᠷᠠᠨ᠎ᠠ᠃       6.  ᠰᠠᠷᠢᠮᠰᠠᠭ ᠪᠠ ᠪᠦᠭᠡᠷᠡᠩᠭᠡᠢ ᠰᠣᠩᠭᠢᠨ᠎ᠠ       ᠰᠠᠷᠢᠮᠰᠠᠭ ᠢ ᠬᠦᠯᠳᠡᠭᠡᠬᠦᠷ ᠲᠤ ᠲᠠᠯᠪᠢᠪᠠᠯ ᠠᠮᠠᠷᠬᠠᠨ ᠢᠯᠵᠢᠷᠠᠵᠦ ᠬᠦᠬᠡᠴᠦᠷᠡᠳᠡᠭ᠃ ᠲᠡᠭᠡᠬᠦ ᠳᠡᠭᠡᠨ ᠬᠠᠯᠢᠰᠣ ᠲᠡᠭᠡᠷ᠎ᠡ ᠨᠢ ᠮᠡᠳᠡᠭᠳᠡᠳᠡᠭ ᠦᠭᠡᠢ᠂ ᠬᠦᠯᠳᠡᠭᠡᠬᠦᠷ ᠲᠡᠭᠡᠨ ᠢᠯᠵᠢᠷᠡᠭᠰᠡᠨ ᠶᠠᠭᠤᠮ᠎ᠠ ᠣᠳᠠᠭᠠᠨ ᠬᠠᠳᠠᠭᠠᠯᠠᠵᠦ᠂ ᠪᠠᠺᠲ᠋ᠧᠷᠢ ︽ᠲᠡᠵᠢᠭᠡᠬᠦ︾ ᠠᠶᠣᠯ ᠠᠪᠴᠢᠷᠠᠳᠠᠭ᠃ ᠪᠦᠭᠡᠷᠡᠩᠭᠡᠢ ᠰᠣᠩᠭᠢᠨ᠎ᠠ ᠶᠢ ᠴᠦ ᠬᠦᠯᠳᠡᠭᠡᠬᠦᠷ ᠲᠤ ᠬᠢᠪᠡᠯ ᠠᠮᠠᠷᠬᠠᠨ ᠢᠯᠵᠢᠷᠠᠵᠦ ᠬᠦᠬᠡᠴᠦᠷᠡᠳᠡᠭ᠃                                                  ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠲᠣᠮᠳᠡᠳᠣ ᠣᠯᠣᠰ ᠤᠨ ᠮᠤᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号