ᠦᠶ᠎ᠡ ᠬᠡᠰᠢᠬᠦᠦ ᠡᠪᠡᠳᠬᠦ ᠶᠢ ᠨᠠᠮᠳᠠᠭᠠᠬᠤ 4 ᠵᠦᠢᠯ ᠤᠨ ᠢᠳᠡᠭᠡᠨ
ᠨᠡᠶᠢᠲᠡᠯᠡᠭᠰᠡᠨ ᠴᠠᠭ᠄
2019-07-16
          ᠯᠠᠩᠭᠤᠸᠠ᠄  ᠯᠠᠩᠭᠤᠸᠠ ᠳᠤ ᠡᠯᠪᠡᠭ ᠲᠡᠯᠪᠡᠭ ᠬᠤᠣᠯᠣᠪᠠᠩ ᠤᠨ ᠡᠳ᠋ ᠠᠭᠤᠯᠵᠦ᠂ ᠲᠣᠰ ᠰᠢᠮ᠎ᠡ ᠲᠡᠵᠢᠭᠡᠯᠳᠣ ᠡᠳ᠋ ᠨᠢ ᠬᠡᠷᠡᠭᠦᠯᠢᠭ ᠦᠶ᠎ᠡ ᠬᠡᠰᠢᠬᠦᠦ ᠶᠢᠨ ᠡᠪᠡᠳᠴᠢᠳᠡᠨ ᠵᠡᠷᠭᠡ ᠶᠢ ᠨᠠᠮᠳᠠᠭᠤᠯᠬᠤ ᠳᠤ ᠲᠣᠰᠠᠳᠡᠢ᠃ ᠡᠬᠦᠨ ᠤ ᠲᠣᠳᠣᠷᠠᠬᠢ ᠶᠡᠭᠡ ᠬᠡᠮᠵᠢᠶᠡᠨ ᠤ ᠸᠢᠲ᠋ᠠᠮᠢᠨ C ᠨᠢ ᠠᠷᠤᠭ ᠶᠠᠰᠣ ᠪᠠ ᠮᠦᠬᠡᠷᠡᠰᠣ ᠶᠢᠨ ᠡᠷᠡᠬᠦᠯ ᠴᠢᠬᠢᠷᠠᠭ ᠢ ᠪᠠᠳᠣᠯᠠᠬᠤ ᠳᠤ ᠲᠣᠰᠠᠳᠡᠢ ᠪᠠᠶᠢᠳᠠᠭ᠃        ᠮᠦᠬᠦ᠄ ᠪᠦᠬᠡᠷᠡᠩᠭᠡᠢ ᠮᠦᠬᠦ ᠳᠤ ᠪᠦᠷ ᠦᠷᠪᠢᠰᠦᠯ ᠢ ᠲᠠᠷᠣᠬᠤ ᠪᠦᠷᠢᠯᠳᠦᠬᠦᠨ ᠲᠠᠢ ᠪᠠᠶᠢᠵᠦ᠂ ᠬᠦᠮᠦᠨ ᠤ ᠪᠡᠶ᠎ᠡ ᠶᠢᠨ ᠦᠷᠪᠢᠰᠦᠯ ᠢ ᠡᠰᠡᠷᠬᠦᠴᠡᠬᠦ ᠴᠢᠳᠡᠪᠦᠷᠢ ᠶᠢ ᠲᠡᠭᠡᠭᠰᠢᠯᠡᠬᠦᠯᠦᠨ᠂ ᠦᠶ᠎ᠡ ᠬᠡᠰᠢᠬᠦᠦ ᠡᠪᠡᠳᠬᠦ ᠶᠢ ᠨᠠᠮᠳᠠᠭᠠᠳᠠᠭ        ᠨᠣᠭᠤᠭᠠᠨ ᠴᠠᠢ᠄ ᠨᠣᠭᠤᠭᠠᠨ ᠴᠠᠢ ᠳᠠᠬᠢ ᠣᠯᠡᠨ ᠵᠦᠢᠯ ᠤᠨ ᠬᠦᠴᠢᠯᠳᠦ᠋ᠷᠦᠭᠴᠢ ᠶᠢ ᠡᠰᠡᠷᠬᠦᠴᠡᠬᠦ ᠡᠳ᠋  ᠨᠢ ᠲᠦᠷᠪᠡᠨ ᠮᠦᠴᠢ ᠬᠦᠰᠢᠬᠦ ᠪᠠ ᠦᠶ᠎ᠡ ᠬᠡᠰᠢᠬᠦᠦ ᠡᠪᠡᠳᠬᠦ ᠶᠢ ᠨᠠᠮᠳᠠᠭᠤᠯᠬᠤ ᠳᠤ ᠲᠣᠰᠠᠳᠡᠢ᠃ ᠴᠠᠢ ᠶᠢᠨ ᠲᠣᠳᠣᠷ᠎ᠡ ᠠᠴᠠ ᠯᠧᠮᠣᠨ ᠤ ᠰᠢᠬᠦᠰᠦ ᠰᠢᠬᠠᠨ ᠭᠠᠷᠭᠠᠵᠦ᠂ ᠦᠶ᠎ᠡ ᠭᠡᠰᠢᠬᠦᠦ ᠲᠡᠭᠡᠷ᠎ᠡ ᠪᠠᠨ ᠲᠦᠷᠬᠢᠪᠡᠯ ᠦᠷ᠎ᠡ ᠳ᠋ᠦᠩ  ᠨᠢ ᠨᠡᠩ ᠰᠠᠶᠢᠨ ᠪᠠᠶᠢᠳᠠᠭ᠃ ᠣᠴᠢᠷ ᠨᠢ ᠨᠢᠮᠪᠡᠭᠡ ᠵᠡᠷᠭᠡ ᠵᠦᠷᠵᠢ ᠶᠢᠨ ᠵᠢᠮᠢᠰ ᠨᠢ ᠮᠦᠬᠡᠷᠰᠣ ᠶᠢ ᠬᠠᠮᠠᠭᠠᠯᠠᠬᠤ ᠳᠤ ᠵᠠᠩᠭᠢᠯᠠᠭ᠎ᠠ ᠶᠢᠨ ᠴᠢᠨᠠᠷᠳᠡᠢ ᠦᠢᠯᠡᠳᠣᠯ ᠦᠵᠡᠬᠦᠯᠳᠡᠭ᠃          ᠭᠠ᠄ ᠭᠠ ᠶᠢᠨ ᠦᠷᠪᠢᠰᠣᠯ ᠢ ᠡᠰᠡᠷᠬᠦᠴᠡᠬᠦ ᠴᠢᠳᠡᠮᠵᠢ ᠶᠢ ᠨᠢᠭᠡᠨᠳᠡ ᠣᠯᠡᠨ ᠵᠦᠢᠯ ᠤᠨ ᠰᠣᠳᠣᠯᠭᠠᠨ ᠭᠡᠷᠡᠴᠢᠯᠡᠭᠰᠡᠨ ᠪᠠᠶᠢᠨ᠎ᠠ᠃ ᠲᠡᠬᠦᠨ ᠢ ᠢᠳᠡᠬᠦ ᠳᠤ ᠲᠦᠬᠦᠮ ᠪᠦᠬᠡᠳ ᠢᠳᠡᠵᠦ ᠪᠣᠯᠬᠤ ᠪᠠᠷ ᠪᠠᠷᠠᠬᠤ ᠦᠬᠡᠢ᠂ ᠴᠢᠨᠠᠨ ᠣᠣᠭᠤᠵᠦ ᠪᠣᠯᠣᠨ᠎ᠠ᠃ ᠡᠪᠦᠯ ᠬᠠᠪᠣᠷ ᠤᠨ ᠴᠠᠭ ᠲᠤ ᠦᠶ᠎ᠡ ᠬᠡᠰᠢᠬᠦᠦ ᠶᠢᠨ ᠦᠷᠪᠢᠰᠦᠯ ᠡᠬᠦᠰᠬᠦ ᠨᠢ ᠣᠯᠡᠨ ᠪᠠᠶᠢᠵᠦ᠂ ᠭᠠ ᠢᠳᠡᠬᠦ ᠨᠢ ᠲᠣᠩ ᠰᠠᠶᠢᠨ ᠡᠮᠴᠢᠯᠡᠬᠡᠨ ᠤ ᠦᠢᠯᠡᠳᠣᠯ ᠲᠠᠢ ᠶᠣᠮ᠃                                                                      ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠰᠢᠳᠦᠬᠡᠨ ᠮᠣᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号