︽ᠬᠠᠶᠢᠷ᠎ᠠ ᠶᠢᠨ ᠰᠢᠬᠦᠳᠡᠷᠢ︾
ᠨᠡᠶᠢᠲᠡᠯᠡᠭᠰᠡᠨ ᠴᠠᠭ᠄
2019-05-30
      ᠮᠣᠩᠭᠤᠯ ᠦᠨᠳᠣᠰᠣᠳᠡᠨ ᠤ ᠵᠣᠬᠢᠶᠠᠯᠴᠢ  ᠨᠠ᠊ · ᠰᠣᠩᠳᠣᠢ ᠶᠢᠨ ᠨᠠᠶᠢᠷᠠᠭᠤᠯᠣᠯ ᠤᠨ ᠰᠣᠩᠭᠤᠮᠠᠯ᠃ 1993 ᠣᠨ ᠳᠤ ᠦᠪᠦᠷ ᠮᠣᠩᠭᠤᠯ ᠤᠨ ᠰᠣᠷᠭᠠᠨ ᠬᠦᠮᠦᠵᠢᠯ ᠤᠨ ᠬᠡᠪᠯᠡᠯ ᠤᠨ ᠬᠤᠷᠢᠶ᠎ᠡ ᠬᠡᠪᠯᠡᠬᠦᠯᠪᠡ᠃ ᠲᠣᠰ ᠲᠡᠭᠦᠪᠦᠷᠢ ᠳᠤ ︽ᠬᠦᠬᠡᠬᠤᠳᠡ ᠶᠢᠨ ᠬᠥᠬᠦᠬᠡ︾᠂ ︽ᠡᠬᠦᠯᠡᠨ ᠤ ᠲᠦᠷᠦᠬᠦᠦ ᠰᠠᠯᠬᠢ︾᠂ ︽ᠡᠴᠦᠰ ᠤᠨ ᠪᠠᠶᠡᠷ︾ ᠂ ︽ᠬᠦᠪᠡᠭᠡ ᠦᠭᠡᠢ ᠲᠠᠯ᠎ᠠ︾ ᠵᠡᠷᠭᠡ 35 ᠨᠠᠶᠢᠷᠠᠭᠤᠯᠣᠯ᠂ 9 ᠪᠦᠯᠦᠭ ᠢᠶᠠᠷ ᠪᠦᠷᠢᠯᠳᠣᠪᠡ᠃ ᠵᠣᠬᠢᠶ᠋ᠬᠠᠴᠢ ᠡᠭᠡᠯ ᠵᠢᠷ ᠤᠨ ᠶᠠᠭᠤᠮᠠᠨ ᠳᠤ ᠵᠣᠵᠠᠭᠠᠨ ᠬᠠᠶᠢᠷ᠎ᠠ ᠰᠡᠳᠬᠢᠯᠭᠡ ᠲᠠᠯᠪᠢᠵᠦ᠂ ᠠᠮᠢᠳᠣᠷᠡᠯ ᠤᠨ ᠵᠢᠵᠢᠭ ᠰᠠᠵᠢᠭ ᠵᠦᠢᠯ ᠢᠶᠠᠷ ᠠᠮᠢᠳᠣᠷᠡᠯ ᠤᠨ ᠨᠠᠷᠢᠨ ᠨᠢᠭᠤᠴᠡ ᠶᠢ ᠢᠯᠡᠷᠡᠬᠦᠯᠳᠡᠭ᠃ ᠵᠢᠱᠢᠶᠡᠯᠡᠪᠡᠯ᠂ 1  ᠳ᠋ᠣᠭᠡᠷ ᠪᠦᠯᠦᠭ ︽ᠬᠠᠶᠢᠷ᠎ᠠ ᠶᠢᠨ ᠰᠢᠭᠦᠳᠡᠷᠢ︾ ᠳᠤ ︽ᠬᠠᠶᠢᠷ᠎ᠠ︾᠂ ︽ᠰᠢᠭᠦᠳᠡᠷᠢ︾᠂ ︽ᠨᠠᠶᠢᠷᠠᠭᠤᠯᠣᠯ︾ ᠪᠠᠭᠳᠠᠵᠦ᠂ ᠵᠣᠬᠢᠶ᠋ᠬᠠᠴᠢ ᠬᠠᠶᠢᠷ᠎ᠡ ᠪᠣᠯᠣᠨ ᠰᠢᠭᠦᠳᠡᠷᠢ ᠶᠢ ᠬᠤᠯᠪᠣᠨ ᠪᠣᠳᠣᠵᠦ᠂ ᠶᠡᠭᠡ ᠪᠠᠶᠢᠭᠠᠯᠢ ᠠᠴᠠ ᠦᠨᠡᠨ ᠬᠠᠶᠢᠷ᠎ᠡ ᠶᠢ ᠡᠷᠢᠨ ᠰᠦᠪᠡᠭᠴᠢᠯᠡᠵᠦ᠂ ᠬᠦᠮᠦᠨ ᠬᠦᠮᠦᠨ ᠤ ᠬᠤᠭᠤᠷᠣᠨᠳᠣ ᠪᠠᠨ ᠬᠠᠷᠢᠯᠴᠠᠨ ᠬᠠᠶᠢᠷᠠᠯᠠᠯᠴᠠᠨ ᠣᠶᠢᠯᠠᠭᠠᠯᠴᠠᠵᠦ᠂ ᠨᠢᠭᠡᠨ ᠬᠠᠯᠠᠭᠤᠨ᠂ ᠡᠶᠡᠯᠰᠡᠭ ᠶᠢᠷᠳᠢᠨᠴᠦ ᠶᠢ ᠪᠦᠳᠣᠭᠡᠬᠦ ᠶᠢ ᠬᠦᠰᠡᠪᠡ᠃ ︽ᠨᠠᠶᠢᠷᠠᠭᠤᠯᠣᠯ︾ ᠳᠤ ᠵᠣᠬᠢᠶ᠋ᠬᠠᠴᠢ ᠠᠴᠠ ᠰᠢᠯᠦᠭ ᠤᠨ ᠰᠠᠨᠠᠭ᠎ᠠ ᠠᠬᠤᠢ  ᠲᠠᠢ ᠦᠭᠡ ᠬᠡᠯᠡᠯᠬᠡ ᠪᠠᠷ ᠦᠪᠡᠷ ᠤᠨ ᠶᠢᠷᠳᠢᠨᠴᠦ ᠶᠢᠨ ᠦᠵᠡᠯᠳᠡ᠂ ᠠᠮᠢᠳᠣᠷᠠᠬᠤᠢ ᠶᠢᠨ ᠦᠵᠡᠯᠳᠡ᠂ ᠤᠳᠬ᠎ᠠ ᠵᠣᠬᠢᠶᠠᠯ ᠤᠨ ᠦᠵᠡᠯᠳᠡ ᠪᠠᠨ ᠲᠡᠯᠭᠡᠭᠰᠡᠨ ᠪᠠᠶᠢᠨ᠎ᠠ᠃ ᠲᠣᠰ ᠲᠡᠭᠦᠪᠦᠷᠢ ᠳᠤ ᠣᠷᠣᠨᠨᠰᠠᠨ ᠨᠠᠶᠢᠷᠠᠭᠤᠯᠣᠯ ᠤᠳ ᠬᠡᠯᠡ ᠬᠡᠯᠡᠯᠬᠡ ᠣᠷᠣᠰᠣᠮ᠎ᠠ ᠢᠷᠠᠭᠤ᠂ ᠬᠤᠯᠪᠣᠨ ᠪᠣᠳᠣᠯᠳᠡ ᠪᠠᠶᠠᠯᠢᠭ᠂ ᠭᠦᠨ ᠶᠣᠰᠣ ᠪᠠ ᠯᠣᠬᠢᠭ ᠴᠢᠨᠡᠷ ᠢᠶᠠᠷ ᠴᠢᠩᠭ᠎ᠠ᠃                                                ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠥᠪᠥᠷ ᠮᠣᠩᠭᠤᠯ ᠤᠨ ᠵᠠᠰᠠᠭ ᠤᠨ ᠣᠷᠳᠤᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号