︽  ᠡᠵᠢ ᠨᠠᠭᠤᠷ︾
ᠨᠡᠶᠢᠲᠡᠯᠡᠭᠰᠡᠨ ᠴᠠᠭ᠄
2019-05-28
        ᠮᠣᠩᠭᠤᠯ ᠵᠣᠬᠢᠶᠠᠯᠴᠢ ᠡᠭᠦᠯᠡᠨᠴᠣᠨᠨᠳᠣ ︵ᠶᠦᠨ ᠵᠤᠤ ᠭᠤᠸᠠᠩ︶᠂ ᠥᠪ ᠨᠠᠷ ᠤᠨ ᠵᠣᠬᠢᠶ᠋ᠬᠠᠰᠠᠨ ᠺᠢᠨᠣ᠋ ᠶᠢᠨ ᠣᠷᠡᠨ ᠵᠣᠬᠢᠶᠠᠯ᠃ 1982 ᠣᠨ ᠳᠤ᠂ ᠥᠪᠦᠷ ᠮᠣᠩᠭᠤᠯ ᠤᠨ ᠺᠢᠨᠣ᠋ ᠶᠢᠨ ᠦᠢᠯᠡᠳᠪᠦᠷᠢ ᠦᠯᠢᠭᠡᠷᠳᠦ ᠺᠢᠨᠣ᠋ ᠪᠣᠯᠭᠠᠨ ᠦᠢᠯᠡᠳᠪᠡ᠃ ᠴᠢᠯᠦᠭᠡᠯᠡᠭᠳᠡᠬᠦ ᠠᠴᠠ ᠡᠮᠦᠨᠡᠬᠡᠨ᠂ ᠲᠠᠶᠢᠰᠦᠨ ᠤ ᠴᠡᠷᠢᠭ ᠪᠠ ᠮᠠᠨ ᠤ ᠴᠡᠷᠢᠭ ᠤᠨ ᠬᠤᠭᠤᠷᠣᠨᠳᠣᠬᠢ ᠴᠡᠷᠢᠭ ᠲᠠᠶᠢᠨ ᠤ ᠲᠡᠮᠡᠴᠡᠯ ᠤᠨ ᠠᠮᠢᠳᠣᠷᠡᠯ ᠢᠶᠠᠷ ᠪᠣᠷᠣ ᠮᠠᠲ᠋ᠧᠷᠢᠶᠠᠯ ᠪᠣᠯᠭᠠᠵᠦ᠂ ᠡᠪ ᠬᠠᠮᠳᠣ ᠨᠠᠮ ᠭᠤᠮᠢᠨᠳᠡᠩ ᠤᠨ ᠬᠤᠭᠤᠷᠣᠨᠳᠣ ᠶᠠᠪᠤᠨᠨᠳ᠋ᠬᠠᠰᠠᠨ ᠡᠵᠢ ᠨᠠᠭᠤᠷ ᠢ ᠡᠵᠡᠯᠡᠬᠦ ᠭᠡᠰᠡᠨ ᠬᠤᠷᠴᠡ ᠰᠢᠷᠦᠬᠦᠨ ᠲᠡᠮᠡᠴᠡᠯ ᠢ ᠲᠦᠷᠰᠦᠯᠡᠨ ᠪᠢᠴᠢᠭᠰᠡᠨ ᠪᠠᠶᠢᠨ᠎ᠠ᠃ ᠡᠪ ᠬᠠᠮᠳᠣ ᠨᠠᠮ ᠤᠨ ᠭᠡᠰᠢᠭᠦᠨ ᠴᠠᠭᠠᠨ᠂ ᠭᠤᠮᠢᠨᠳᠡᠩ ᠤᠨ ᠠᠮᠤᠷ ᠢ ᠬᠠᠮᠠᠭᠠᠯᠠᠬᠤ ᠴᠡᠷᠢᠭ ᠤᠨ ᠲᠣᠳᠣᠭᠠᠳᠣ ᠳᠤ ᠬᠤᠳᠬᠤᠯᠳᠤᠨ ᠣᠷᠣᠵᠦ ᠭᠤᠮᠢᠨᠳᠠᠩ ᠤᠨ ᠨᠢᠩᠪᠦ ᠬᠤᠷᠢᠶᠡᠨ ᠲᠠᠷᠤᠭ᠎ᠠ ᠶᠢᠨ ᠠᠮᠢ ᠶᠢ ᠠᠪᠣᠷᠬᠠᠰᠠᠨ ᠠᠴᠢᠯᠠᠯ ᠲᠠᠢ ᠬᠦᠮᠦᠨ ᠪᠣᠯᠵᠦ᠂ ᠢᠳᠡᠭᠡᠯᠡᠭ ᠢ ᠨᠢ ᠣᠯᠪᠠ᠃ ᠡᠨᠡ ᠬᠤᠭᠤᠷᠣᠨᠳᠣ ᠭᠤᠮᠢᠨᠳᠡᠩ ᠤᠨ ᠣᠮᠠᠷᠠᠳᠣ ᠶᠢ ᠰᠡᠷᠭᠡᠶᠢᠯᠡᠨ ᠬᠠᠮᠠᠭᠠᠯᠠᠬᠤ ᠴᠡᠷᠢᠭ ᠤᠨ ᠰᠧᠯᠢᠩ ᠬᠤᠸᠠᠩ ᠶᠠ ᠳ᠋ᠢᠩ ᠡᠵᠢ ᠨᠠᠭᠤᠷ ᠲᠤ ᠢᠷᠡᠵᠦ ᠴᠡᠷᠢᠭ ᠮᠣᠷᠢ ᠡᠯᠰᠡᠵᠦ ᠬᠦᠴᠦᠨ ᠢᠶᠠᠨ ᠦᠷᠭᠡᠳᠭᠡᠨ᠂ ᠬᠦᠨᠡᠰᠦ ᠪᠣᠷᠳᠤᠭ᠎ᠠ ᠴᠣᠨᠨᠯᠠᠭᠤᠯᠵᠦ ᠪᠠᠶᠢᠭ᠎ᠠ ᠵᠡᠷᠭᠡ ᠨᠢᠭᠤᠴᠡ ᠮᠡᠳᠡᠭᠡ ᠶᠢ ᠮᠠᠨ ᠤ ᠬᠢᠨ ᠳᠠᠭᠠᠨ ᠮᠡᠳᠡᠭᠳᠡᠵᠦ ᠲᠣᠬᠢᠷᠠᠮᠵᠢᠳᠡᠢ ᠠᠷᠭ᠎ᠠ ᠬᠡᠮᠵᠢᠶ᠎ᠡ ᠠᠪᠤᠨᠨᠰᠠᠨ ᠤ ᠬᠠᠮᠳᠣ ᠨᠢᠩᠭᠪᠦ ᠬᠤᠷᠢᠶᠡᠨ ᠲᠠᠷᠤᠭ᠎ᠠ ᠶᠢ ᠢᠳᠬᠠᠵᠦ ᠪᠣᠰᠣᠯᠭ᠎ᠠ ᠭᠠᠷᠭᠠᠪᠠ᠃ ᠴᠢᠯᠦᠭᠡᠯᠡᠬᠦ ᠴᠡᠷᠢᠭ ᠨᠢᠩᠪᠪᠦ ᠶᠢᠨ ᠪᠣᠰᠣᠯᠭ᠎ᠠ ᠶᠢᠨ ᠴᠡᠷᠢᠭ ᠲᠠᠢ ᠬᠠᠮᠳᠣ ᠪᠠᠷ ᠮᠣᠵᠢᠭᠤᠳᠡ ᠲᠠᠶᠢᠰᠦᠨ ᠢ ᠪᠦᠬᠦᠨ ᠢᠶᠠᠷ ᠨᠢ ᠣᠰᠠᠳᠬᠠᠵᠦ ᠴᠠᠭᠠᠨ ᠬᠡᠷᠡᠮ ᠤᠨ ᠭᠠᠳᠠᠨᠠᠬᠢ ᠶᠢ ᠡᠵᠡᠯᠡᠬᠦ ᠭᠡᠰᠡᠨ ᠭᠤᠮᠢᠨᠳᠠᠩ ᠤᠨ ᠬᠡᠢ ᠭᠤᠷᠢᠳᠠᠯᠭ᠎ᠠ ᠶᠢ ᠪᠣᠳᠡ ᠨᠢᠷᠭᠡᠭᠰᠡᠨ ᠪᠠᠶᠢᠨ᠎ᠠ᠃ ᠮᠣᠩᠭᠤᠯ ᠤᠨ ᠲᠠᠯ᠎ᠠ ᠨᠣᠳᠤᠭ ᠤᠨ ᠠᠮᠢᠳᠣᠷᠡᠯ ᠤᠨ ᠥᠨᠥᠷ ᠠᠮᠳᠡ ᠪᠠᠷ ᠬᠠᠩᠬᠤᠯᠤᠮ᠎ᠠ ᠪᠦᠳᠦᠭᠡᠯ ᠪᠣᠯᠵᠠᠢ᠃                            ᠢᠷᠡᠯᠳᠡ᠄  ᠦᠪᠦᠷ ᠮᠣᠩᠭᠤᠯ ᠤᠨ ᠵᠠᠰᠠᠭ ᠤᠨ ᠣᠷᠳᠣᠨ                              ᠪᠡᠯᠡᠳᠭᠡᠭᠰᠡᠨ ᠨᠢ᠄  ᠭᠧ ᠲᠣᠸᠠᠨ ᠯᠢᠶᠡᠨ  
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号