︽ᠪᠠᠷᠠᠭᠤᠨᠰᠢ ᠵᠣᠷᠴᠢᠨᠨᠰᠠᠨ ᠲᠡᠮᠳᠡᠭᠯᠡᠯ︾
ᠨᠡᠶᠢᠲᠡᠯᠡᠭᠰᠡᠨ ᠴᠠᠭ᠄
2019-05-28
      ᠣᠷᠳᠣ ᠲᠠᠭᠤᠣᠷᠢᠯᠢᠭ᠃ ᠵᠦᠴᠦᠭᠡ ᠶᠢᠨ ᠵᠣᠬᠢᠶᠠᠯ ᠤᠨ ᠲᠡᠪᠳᠡᠷ᠂ ᠵᠣᠬᠢᠶ᠋ᠬᠠᠴᠢ ᠶᠠᠩ ᠵᠢᠩ ᠰᠢᠶᠡᠨ᠂ ᠮᠣᠩᠭᠤᠯ ᠬᠦᠮᠦᠨ᠃ ᠨᠡᠶᠢᠲᠡ 6  ᠪᠣᠳᠢ 24  ᠨᠣᠭᠤᠯᠤᠭ᠎ᠠ ᠲᠠᠢ᠃ ᠲᠣᠣᠷᠡᠬᠢ ᠮᠡᠲᠦ ᠬᠡᠳᠣᠨ ᠵᠦᠢᠯ ᠤᠨ ᠪᠠᠷ ᠪᠣᠢ᠃       1. ᠮᠢᠩ ᠤᠨ ᠸᠠᠨ ᠯᠢ ᠶᠢᠨ ᠦᠶ᠎ᠡ ᠶᠢᠨ ᠪᠠᠷ᠃ ᠲᠣᠰ ᠪᠠᠷ ᠲᠣᠩ ᠴᠢᠬᠤᠯᠠ ᠪᠠᠶᠢᠷᠢ ᠡᠵᠡᠯᠡᠵᠦ ᠪᠣᠢ᠃ ᠣᠨᠳᠣᠣ ᠬᠡᠪᠯᠡᠯ ᠨᠢ ᠪᠦᠷ ᠡᠨᠡ ᠪᠠᠷ ᠢᠶᠠᠷ ᠥᠨᠳᠣᠰᠣ ᠪᠣᠯᠭᠠᠵᠦ ᠭᠡᠷᠡᠯ ᠵᠢᠷᠤᠭ ᠢᠶᠠᠷ ᠪᠣᠶᠣ ᠲᠠᠬᠢᠵᠦ ᠦᠰᠦᠭ ᠥᠷᠦᠭᠰᠡᠨ ᠬᠡᠪ ᠪᠣᠯᠣᠨ᠎ᠠ᠃       2. ᠶᠠᠫᠦᠨ ᠤ ᠰᠢᠣᠸᠠ ᠶᠢᠨ 3 ᠳ᠋ᠣᠭᠠᠷ ᠣᠨ ︵1928︶ ᠤ ᠲᠣᠺᠢᠣ᠋ ᠶᠢᠨ ᠱᠢᠪᠦ᠋ᠨᠺᠠᠢ ᠳᠤ ᠦᠰᠦᠭ ᠥᠷᠦᠭᠰᠡᠨ ᠪᠠᠷ᠃       3. ︽ᠮᠢᠨ ᠶᠠᠨ ᠪᠣᠥ︾ ᠰᠣᠨᠢᠨ ᠤ ᠲᠠᠭᠠᠯᠲᠠ ᠬᠡᠪᠯᠡᠯ ᠤᠨ ᠰᠢ ᠵᠦᠴᠦᠭᠡ ᠶᠢᠨ ᠭᠠᠷᠠᠭ ᠤᠨ ᠰᠡᠳᠬᠦᠯ ᠳᠤ ᠣᠯᠡᠨ ᠠᠩᠭᠢᠯᠠᠵᠦ ᠨᠡᠶᠢᠳᠡᠯᠡᠭᠰᠡᠨ ᠪᠠᠷ᠃       4. 1936 ᠣᠨ ᠳᠤ ᠱᠠᠩᠬᠠᠢ ᠶᠢᠨ ᠰᠡᠳᠬᠦᠯ ᠤᠨ ᠺᠣᠮᠫᠠᠨᠢ ᠶᠢᠨ ᠬᠡᠪᠯᠡᠬᠦᠯᠦᠨ ᠲᠠᠷᠬᠠᠭᠠᠨᠨᠰᠠᠨ ︽ᠶᠣᠸᠠᠨ ᠤ ᠲᠠᠭᠤᠣᠷᠢᠯᠢᠭ ᠪᠦᠷᠢᠨ ᠲᠡᠭᠦᠪᠦᠷᠢ︾ 4 ᠪᠣᠳᠢ᠃       5. ︽ᠡᠷᠲᠡᠨ ᠤ ᠰᠢ ᠵᠦᠴᠦᠭᠡ ᠶᠢᠨ ᠴᠣᠪᠣᠷᠡᠯ ᠰᠡᠳᠬᠦᠯ︾ ᠤᠨ ᠠᠩᠬᠠᠳᠣᠭᠠᠷ ᠲᠡᠭᠦᠪᠦᠷᠢ ᠲ᠊‍ᠡᠪᠳᠡᠷ ᠵᠡᠷᠭᠡ ᠪᠣᠢ᠃        ︽ᠪᠠᠷᠠᠭᠤᠨᠰᠢ ᠵᠣᠷᠴᠢᠨᠨᠰᠠᠨ ᠲᠡᠮᠳᠡᠭᠯᠡᠯ︾ ᠤᠨ ᠲᠠᠭᠤᠣᠷᠢᠯᠢᠭ ᠨᠢ ᠲᠣᠮᠤᠭ ᠦᠯᠢᠭᠡᠷᠲᠦ ᠰᠢᠨᠵᠢ ᠪᠢᠯᠬᠠᠮ᠎ᠠ ᠪᠦᠳᠣᠭᠡᠯ ᠪᠣᠯᠣᠨ᠎ᠠ᠃ ᠭᠤᠣᠯᠳᠠᠭᠤ ᠲᠠᠩᠰᠤᠭ ᠯᠠᠮᠠ ᠪᠠᠷᠠᠭᠤᠨ ᠠᠴᠠ ᠨᠣᠮ ᠵᠠᠯᠬᠠᠰᠠᠨ ᠦᠯᠢᠭᠡᠷ ᠢ ᠪᠢᠴᠢᠪᠡ᠃ ᠲᠡᠭᠦᠨ ᠳᠤ᠂ ᠭᠤᠣᠯᠳᠠᠭᠤ ᠲᠠᠩᠰᠤᠭ ᠤᠨ ᠨᠢᠭᠡ ᠨᠠᠰᠣᠨ ᠤ ᠣᠴᠠᠷᠡᠯ᠂ ᠪᠠᠢ ᠯᠦᠩ ᠮᠠ ᠮᠣᠷᠢ ᠶᠢ ᠣᠯᠣᠨᠨᠰᠠᠨ᠂ ᠲᠡᠭᠷᠢ ᠶᠢᠨ ᠣᠷᠳᠣᠨ ᠢ ᠶᠡᠭᠡ ᠪᠠᠷ ᠲᠦᠢᠪᠡᠷᠭᠡᠭᠰᠡᠨ᠂ ᠰᠢᠷᠦᠢ ᠬᠤᠤᠱᠠᠩ ᠢ ᠣᠷᠣᠭᠤᠯᠵᠦ ᠠᠪᠤᠨᠨᠰᠠᠨ᠂ ᠭᠠᠭ᠋ᠠᠢ ᠪᠠᠭᠰᠢ ᠶᠢ ᠪᠠᠷᠢᠪᠴᠢᠯᠬᠠᠰᠠᠨ᠂ ᠡᠮᠡᠰ ᠤᠨ ᠬᠦᠷᠦᠨ ᠳᠤ ᠬᠦᠷᠦᠭᠰᠡᠨ᠂ ᠭᠠᠯᠳᠣ ᠠᠭᠤᠯᠠ ᠶᠢ ᠲᠠᠪᠠᠭᠰᠠᠨ᠂ ᠨᠣᠮ ᠵᠠᠯᠠᠵᠦ ᠢᠷᠡᠭᠰᠡᠨ ᠵᠡᠷᠭᠡ ᠦᠯᠢᠭᠡᠷ ᠤᠨ ᠦᠢᠯᠡ ᠶᠠᠪᠣᠳᠡᠯ ᠢ ᠪᠠᠭᠳᠠᠭᠠᠵᠠᠢ᠃ ᠲᠤᠬᠠᠢ ᠶᠢᠨ ᠦᠶ᠎ᠡ ᠶᠢᠨ ᠬᠠᠷᠠᠩᠭᠤᠢ ᠵᠠᠰᠠᠭ ᠢ ᠪᠢᠳᠡᠬᠦᠦ ᠪᠠᠷ ᠲᠠᠭᠠᠷᠢᠵᠦ ᠬᠦᠳᠡᠯᠮᠣᠷᠢᠴᠢᠨ ᠠᠷᠡᠳ ᠲᠦᠮᠡᠨ ᠤ ᠡᠰᠡᠷᠬᠦᠴᠡᠯ ᠤᠨ ᠵᠣᠷᠢᠭ ᠰᠠᠨᠠᠭ᠎ᠠ ᠶᠢ ᠮᠬᠠᠳᠡᠨ ᠲᠠᠭᠤᠯᠠᠪᠠ᠃ ᠪᠦᠳᠦᠴᠡ ᠨᠢᠨᠨᠳᠡ ᠴᠢᠩᠭ᠎ᠠ᠂ ᠭᠤᠣᠯ ᠰᠡᠳᠣᠪ ᠲᠣᠳᠣ ᠲᠣᠪᠣᠭᠤᠷ᠂ ᠬᠡᠯᠡ ᠬᠡᠯᠡᠯᠬᠡ ᠱᠤᠭ ᠶᠦᠮᠦᠷᠯᠢᠭ᠂ ᠢᠨᠢᠶᠡᠳᠣᠮ ᠲᠠᠢ ᠠᠯᠢᠶᠠᠷᠬᠠᠭ᠂ ᠲᠣᠷ᠎ᠡ ᠪᠠᠬ᠎ᠠ ᠶᠢ ᠲᠠᠲᠠᠮ᠎ᠠ᠂ ᠵᠣᠬᠢᠶᠠᠯ ᠤᠨ ᠪᠠᠭᠠᠳᠣᠷ ᠠᠮᠢᠳᠣᠯᠢᠭ᠂ ᠷᠣᠮᠠᠨᠲ᠋ᠢᠭ ᠦᠵᠡᠯ ᠢᠶᠠᠷ ᠪᠢᠯᠬᠠᠮ᠎ᠠ᠃ ᠵᠤᠬᠢᠶᠠᠯ ᠤᠨ ᠪᠠᠭᠠᠳᠣᠷ ᠤᠨ ᠬᠡᠪᠰᠢᠭᠦᠯᠬᠦ᠂ ᠦᠯᠢᠭᠡᠷ ᠤᠨ ᠭᠤᠣᠯ ᠦᠢᠯᠡ ᠶᠠᠪᠣᠳᠡᠯ ᠢ ᠲᠡᠭᠦᠯᠳᠡᠷᠵᠢᠬᠦᠯᠬᠦ᠂ ᠣᠷᠠᠯᠢᠭ ᠤᠨ ᠬᠡᠪ ᠨᠠᠮᠪᠠ ᠵᠡᠷᠭᠡ ᠶᠢ ᠪᠣᠯᠪᠠᠰᠣᠷᠠᠭᠤᠯᠬᠤ ᠲᠠᠯ᠎ᠠ ᠪᠠᠷ ᠡᠦ ᠴᠸᠡᠭ ᠡᠸ᠋ᠨ ᠤ ᠬᠤᠵᠢᠮ ᠤᠨ ᠬᠢᠨᠢ ︽ ᠪᠠᠷᠠᠭᠤᠨᠰᠢ ᠵᠣᠷᠴᠢᠨᠨᠰᠠᠨ ᠲᠡᠮᠳᠡᠭᠯᠡᠯ︾ ᠢ ᠪᠢᠴᠢᠬᠦ ᠳᠤ ᠲᠦᠢᠯ ᠤᠨ ᠶᠡᠭᠡ ᠨᠦᠯᠦᠭᠡ ᠪᠣᠯᠵᠦ ᠦᠭᠭᠦᠭᠰᠡᠨ ᠪᠠᠶᠢᠵᠠᠢ᠃ ᠡᠨᠡ ᠨᠢ ᠶᠣᠸᠠᠨ ᠤ ᠲᠠᠭᠤᠣᠷᠢᠯᠢᠭ ᠡᠮᠦᠨᠡᠳᠣ ᠣᠷᠣᠨ ᠤ ᠰᠢ ᠵᠦᠴᠦᠭᠡ ᠲᠡᠰᠢ ᠰᠢᠯᠵᠢᠵᠦ ᠪᠠᠶᠢᠨᠨᠰᠠᠨ ᠲᠤᠬᠠᠢ ᠰᠣᠳᠣᠯᠬᠤ ᠳᠤ ᠴᠢᠬᠤᠯᠠ ᠶᠡᠭᠡ ᠯᠠᠪᠯᠠᠯᠳᠡ ᠶᠢᠨ ᠥᠷᠳᠡᠭ ᠲᠠᠢ ᠶᠤᠮ᠃                              ᠢᠷᠡᠯᠳᠡ᠄  ᠦᠪᠦᠷ ᠮᠣᠩᠭᠤᠯ ᠤᠨ ᠵᠠᠰᠠᠭ ᠤᠨ ᠣᠷᠳᠣᠨ                            ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠦᠪᠦᠷ ᠮᠣᠩᠭᠤᠯ ᠤᠨ ᠵᠠᠰᠠᠭ ᠤᠨ ᠣᠷᠳᠣᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号