ᠰᠤᠳᠤᠯᠭᠠᠨ ᠤ ᠰᠢᠨ᠎ᠡ ᠦᠵᠡᠯᠲᠡ᠄ ᠡᠷᠡᠭᠦᠯ ᠪᠣᠰᠤ ᠬᠠᠷᠠᠰᠤ ᠢᠳᠡᠭᠡᠨ ᠤᠮᠳᠠᠭᠠᠨ ᠨᠢ ᠪᠦᠭᠡᠷ᠎ᠡ ᠶᠢ ᠭᠡᠮᠳᠤᠭᠡᠵᠤ ᠮᠡᠳᠡᠨ᠎ᠡ
ᠨᠡᠶᠢᠲᠡᠯᠡᠭᠰᠡᠨ ᠴᠠᠭ᠄
2019-05-27
      ᠬᠦᠮᠦᠰ ᠶᠡᠷᠦ ᠳᠡᠭᠡᠨ ᠬᠠᠷᠠᠰᠤ ᠬᠤᠭᠤᠯᠠ ᠢᠳᠡᠭᠡᠳ ᠪᠠᠶᠢᠪᠠᠯ ᠪᠦᠭᠡᠷ᠎ᠡ ᠶᠢ ᠬᠠᠮᠠᠭᠠᠯᠠᠵᠤ᠂ ᠪᠦᠭᠡᠷ᠎ᠡ ᠶᠢᠨ ᠡᠪᠡᠳᠴᠢᠨ ᠤ ᠲᠦᠩᠰᠢᠭᠦᠷᠢ ᠶᠢ ᠪᠠᠭᠠᠰᠬᠠᠵᠤ ᠪᠣᠯᠤᠨ᠎ᠠ ᠭᠡᠵᠤ ᠦᠵᠡᠳᠡᠭ᠃ ᠭᠡᠪᠡᠴᠤ ᠰᠢᠨ᠎ᠡ ᠰᠣᠳᠤᠯᠭᠠᠨ ᠤ ᠳ᠋ᠦᠩ ᠠᠴᠠ ᠦᠵᠡᠪᠡᠯ᠂ ᠬᠠᠷᠠᠰᠤ ᠪᠠᠷ ᠬᠤᠭᠤᠯᠠᠯᠠᠬᠤ ᠳᠤ ᠪᠠᠰᠠ ᠬᠢᠴᠢᠶᠡᠬᠦ ᠬᠡᠷᠡᠭᠲᠡᠢ ᠵᠦᠢᠯ ᠪᠣᠢ᠂ ᠴᠠᠷᠳᠠᠭᠤᠯ ᠪᠠ ᠰᠢᠬᠢᠷ ᠶᠡᠬᠡᠲᠡᠢ ᠬᠠᠷᠠᠰᠤ ᠢᠳᠡᠭᠡᠨ ᠢ ᠦᠷᠭᠦᠯᠵᠢ ᠢᠳᠡᠪᠡᠯ ᠪᠦᠭᠡᠷ᠎ᠡ ᠶᠢᠨ ᠬᠡᠮᠳᠤᠯ ᠢ ᠨᠡᠮᠡᠭᠳᠡᠭᠦᠯᠭᠦ ᠲᠦᠭᠰᠢᠭᠦᠷᠢ ᠲᠠᠢ ᠶᠤᠮ ᠪᠠᠶᠢᠨ᠎ᠠ᠃      ︽ᠠᠮᠧᠷᠢᠺᠠ ᠶᠢᠨ ᠪᠦᠭᠡᠷ᠎ᠡ ᠶᠢᠨ ᠡᠪᠡᠳᠴᠢᠨ ᠤ ᠰᠢᠨᠵᠢᠯᠡᠬᠡᠨ ᠤ ᠨᠡᠶᠢᠭᠡᠮᠯᠢᠭ ᠤᠨ ᠡᠪᠡᠳᠴᠢᠨ ᠤ ᠵᠠᠰᠠᠯᠭ᠎ᠠ ᠶᠢᠨ ᠰᠡᠳᠭᠦᠯ︾ ᠤᠨ ᠰᠦᠯᠵᠢᠶᠡᠨ ᠤ ᠬᠡᠪᠯᠡᠯ ᠳᠤ ᠣᠷᠴᠢᠮᠬᠠᠨ ᠨᠡᠶᠢᠲᠡᠯᠡᠭᠰᠡᠨ ᠰᠣᠳᠤᠯᠭᠠᠨ ᠤ ᠳ᠋ᠦᠩ ᠦᠵᠡᠪᠡᠯ᠃ ᠶᠤᠬᠠᠰ ᠬᠤᠫᠺᠢᠨ᠋ᠰ ᠶᠡᠭᠡ ᠰᠤᠷᠭᠠᠭᠤᠯᠢ ᠵᠡᠷᠭᠡ ᠪᠠᠶᠢᠭᠤᠯᠤᠮᠵᠢ ᠶᠢᠨ ᠰᠣᠳᠤᠯᠭᠠᠲᠠᠳ1.4 ᠲᠦᠮᠡᠨ ᠨᠠᠰᠦᠨ ᠳᠤ ᠬᠦᠷᠦᠭᠰᠡᠳ ᠤᠨ ᠢᠳᠡᠵᠤ ᠤᠤᠭᠤᠬᠤ ᠲᠠᠳᠬᠠᠯ ᠪᠠ ᠪᠦᠭᠡᠷ᠎ᠡ ᠶᠢᠨ ᠴᠢᠳᠠᠮᠵᠢ ᠳᠤ ᠵᠠᠳᠠᠯᠤᠯᠲᠠ ᠬᠢᠭᠰᠡᠨ ᠪᠦᠭᠡᠳ ᠲᠡᠳᠡᠨ ᠤ ᠲᠤᠳᠤᠷᠠᠬᠢ ᠬᠠᠭᠠᠰ ᠲᠣᠭᠠᠨ ᠤ ᠬᠦᠮᠦᠨ ᠳᠤ ᠬᠤᠷᠢᠨ ᠲᠦᠷᠪᠡᠨ ᠵᠢᠯ ᠲᠤᠷᠰᠢ ᠮᠦᠷᠲᠡᠨ ᠪᠠᠶᠢᠴᠠᠭᠠᠯᠲᠠ ᠬᠢᠵᠡᠢ᠃ ᠡᠭᠦᠨ ᠳᠤ ᠨᠡᠶᠢᠲᠡ4343 ᠬᠦᠮᠦᠨ ᠨᠢ ᠰᠣᠳᠤᠯᠭᠠᠨ ᠤ ᠬᠤᠭᠤᠴᠠᠭᠠᠨ ᠳᠤ ᠤᠳᠠᠭᠠᠨ ᠴᠢᠨᠠᠷᠲᠠᠢ ᠪᠦᠭᠡᠷ᠎ᠡ ᠶᠢᠨ ᠡᠪᠡᠳᠴᠢᠨ ᠳᠤ ᠨᠡᠷᠪᠡᠭᠳᠡᠵᠡᠢ᠃ ᠰᠤᠳᠤᠯᠭᠠᠨ ᠢᠶᠠᠷ ᠢᠯᠡᠷᠡᠭᠦᠯᠦᠭᠰᠡᠨ ᠨᠢ᠂ ᠡᠷᠡᠭᠦᠯ ᠬᠠᠷᠠᠰᠤ ᠢᠳᠡᠭᠡᠨ ᠢ ᠮᠠᠰᠢ ᠴᠦᠬᠡᠨ ᠢᠳᠡᠳᠡᠭ ᠭᠦᠮᠦᠨ ᠲᠠᠢ ᠬᠠᠷᠢᠴᠠᠭᠤᠯᠪᠡᠯ᠂ ᠬᠡᠵᠢᠶᠡᠲᠡ ᠡᠷᠡᠬᠦᠯ ᠬᠠᠷᠠᠰᠤ ᠢᠳᠡᠭᠡᠨ ᠢᠳᠡᠳᠡᠭ ᠬᠦᠮᠦᠨ ᠤ ᠪᠦᠭᠡᠷ᠎ᠡ ᠶᠢᠨ ᠡᠪᠡᠳᠴᠢᠨ ᠣᠯᠬᠤ ᠲᠦᠭᠰᠢᠭᠦᠷᠢ ᠨᠢ14 % ᠪᠠᠷ ᠪᠠᠭᠤᠷᠠᠨ᠎ᠠ᠃      ᠡᠷᠡᠭᠦᠯ ᠪᠣᠰᠤ ᠬᠠᠷᠠᠰᠤ ᠢᠳᠡᠭᠡᠨ ᠢ ᠮᠠᠰᠢ ᠴᠦᠬᠡᠨ ᠢᠳᠡᠳᠡᠭ ᠬᠦᠮᠦᠨ ᠲᠠᠢ ᠬᠠᠷᠢᠴᠠᠭᠤᠯᠪᠡᠯ᠂ ᠡᠷᠡᠭᠦᠯ ᠪᠣᠰᠤ ᠬᠠᠷᠠᠰᠤ ᠢᠳᠡᠭᠡᠨ ᠢ ᠪᠠᠶᠢᠩᠭᠤ ᠢᠳᠡᠳᠡᠭ ᠬᠦᠮᠦᠨ ᠤ ᠪᠦᠭᠡᠷ᠎ᠡ ᠶᠢᠨ ᠡᠪᠡᠳᠴᠢᠨ ᠣᠯᠬᠤ ᠲᠦᠭᠰᠢᠭᠦᠷᠢ  ᠨᠢ11% ᠪᠠᠷ ᠲᠡᠭᠡᠭᠰᠢᠯᠡᠨ᠎ᠡ᠃      ᠡᠷᠡᠭᠦᠯ ᠪᠣᠰᠤ ᠢᠳᠡᠭᠡᠨ ᠬᠡᠳᠡᠭ ᠲᠤ ᠠᠮᠤ ᠲᠡᠷᠢᠶᠠᠨ ᠤ ᠵᠦᠢᠯ᠂ ᠠᠯᠮᠤᠷᠠᠳ᠂ ᠠᠯᠢᠮ᠎ᠠ ᠵᠡᠷᠭᠡ ᠵᠢᠮᠢᠰ ᠤᠨ ᠵᠦᠢᠯ᠂ ᠭᠦᠨ ᠨᠤᠭᠤᠭᠠᠨ ᠦᠩᠭᠡᠲᠤ ᠨᠠᠪᠴᠢ ᠨᠤᠭᠤᠭ᠎ᠠ᠂ ᠬᠠᠳᠠᠭᠤ ᠵᠢᠮᠢᠰ᠂ ᠪᠠᠶᠢᠭᠠᠯᠢᠯᠢᠭ ᠯᠣᠬᠠᠱᠧᠩ ᠤᠨ ᠵᠢᠶᠠᠩ ᠵᠡᠷᠭᠡ ᠪᠠᠭᠲᠠᠨ᠎ᠠ᠃      ᠡᠷᠡᠭᠦᠯ ᠪᠣᠰᠤ ᠬᠠᠷᠠᠰᠤ ᠢᠳᠡᠭᠡᠨ ᠢᠳᠡᠬᠦ ᠬᠡᠳᠡᠭ ᠲᠤ ᠲᠦᠮᠦᠰᠦ ᠵᠡᠷᠭᠡ ᠴᠠᠷᠳᠠᠭᠤᠯ ᠶᠡᠬᠡᠲᠡᠢ ᠢᠳᠡᠭᠡᠨ ᠢᠳᠡᠬᠦ᠂ ᠵᠢᠮᠢᠰ ᠤᠨ ᠰᠢᠭᠦᠰᠦ ᠪᠠᠷ ᠵᠢᠮᠢᠰ ᠢ ᠣᠷᠤᠯᠠᠭᠤᠯᠬᠤ᠂ ᠰᠢᠬᠢᠷ ᠲᠠᠢ ᠤᠮᠳᠠᠭ᠎ᠠ᠂ ᠰᠢᠬᠢᠷ᠂ ᠪᠣᠭᠤᠷᠰᠤᠭ᠂ ᠴᠤᠺᠤᠯᠠᠳ᠋ ᠢᠳᠡᠬᠦ ᠵᠡᠷᠭᠡ ᠪᠠᠭᠳᠠᠨ᠎ᠠ᠃      ᠰᠣᠳᠤᠯᠭᠠᠨ ᠨᠠᠷ ᠬᠡᠯᠡᠭᠰᠡᠨ ᠨᠢ᠂ ᠰᠤᠳᠤᠯᠭᠠᠨ ᠤ ᠳ᠋ᠦᠩ ᠠᠴᠠ ᠦᠵᠡᠪᠡᠯ᠂ ᠮᠢᠬ᠎ᠠ ᠪᠠ ᠡᠷᠡᠬᠦᠯ ᠪᠣᠰᠤ ᠬᠠᠷᠠᠰᠤ ᠢᠳᠡᠭᠡᠨ ᠢ ᠪᠠᠭ᠎ᠠ ᠢᠳᠡᠬᠦ᠂ ᠡᠷᠡᠬᠦᠯ ᠬᠠᠷᠠᠰᠤ ᠢᠳᠡᠭᠡᠨ ᠢ ᠢᠯᠡᠭᠦᠦ ᠢᠳᠡᠬᠦ ᠨᠢ ᠪᠦᠬᠡᠷ᠎ᠡ ᠶᠢ ᠬᠠᠮᠠᠭᠠᠯᠠᠬᠤ ᠳᠤ ᠲᠤᠰᠠᠲᠠᠢ᠂ ᠪᠦᠭᠡᠷ᠎ᠡ ᠶᠢᠨ ᠴᠢᠳᠠᠮᠵᠢ ᠮᠠᠭᠤᠳᠠᠬᠤ ᠶᠢ ᠤᠳᠠᠭᠠᠰᠢᠷᠠᠭᠤᠯᠬᠤ ᠪᠠ ᠪᠦᠭᠡᠷ᠎ᠡ ᠶᠢᠨ ᠡᠪᠡᠳᠴᠢᠨ ᠡᠭᠦᠰᠬᠦ ᠲᠦᠭᠰᠢᠭᠦᠷᠢ ᠶᠢ ᠪᠠᠭᠠᠰᠬᠠᠬᠤ ᠦᠢᠯᠡᠳᠦᠯ ᠲᠠᠢ ᠭᠡᠵᠡᠢ᠃                                              ᠪᠡᠯᠡᠳᠭᠡᠭᠰᠡᠨ ᠨᠢ᠄  ᠪᠣᠣ ᠬᠤᠩ ᠯᠢᠶᠠᠩ
 
ᠢᠷᠡᠯᠲᠡ᠄ ᠰᠢᠳᠦᠬᠡᠨ ᠮᠣᠩᠭᠤᠯ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号