| ᠬᠠᠯᠠᠭᠤᠨ ᠲᠣᠭᠤᠭ᠎ᠠ ᠢᠳᠡᠬᠦ ᠶᠢᠨ ᠠᠷᠣ ᠳᠤ ᠡᠷᠡᠬᠦᠯ ᠮᠡᠨᠳᠣ ᠶᠢᠨ ᠭᠡᠮ ᠰᠣᠭᠤᠭ ᠣᠷᠣᠰᠢᠵᠦ ᠪᠠᠶᠢᠬᠤ ᠶᠢ | ᠣᠯᠠᠩᠭᠢ ᠬᠦᠮᠦᠨ ᠮᠡᠳᠡᠬᠦ ᠦᠭᠡᠢ ᠪᠠᠶᠢᠳᠠᠭ ᠪᠢᠯᠡ᠃ ᠴᠦᠬᠡᠨ ᠪᠣᠰᠦ ᠬᠦᠮᠦᠨ ᠬᠠᠯᠠᠭᠤᠨ ᠲᠣᠭᠤᠭ᠎ᠠ ᠢᠳᠡᠭᠰᠡᠨ ᠤ | ᠲᠠᠷᠠᠭ᠎ᠠ᠂ ᠪᠡᠶ᠎ᠡ ᠨᠢ ᠡᠪ ᠦᠭᠡᠢ ᠪᠠᠶᠢᠳᠡᠯ ᠢᠯᠡᠷᠡᠳᠡᠭ᠂ ᠡᠭᠦᠨ ᠢ ︽ᠬᠠᠯᠠᠭᠤᠨ ᠲᠣᠭᠤᠭ᠎ᠠ ᠶᠢᠨ ᠡᠪᠡᠳᠴᠢᠨ︾ | ᠭᠡᠳᠡᠭ ᠶᠤᠮ᠃ | ︽ᠬᠠᠯᠠᠭᠤᠨ ᠲᠣᠭᠤᠭ᠎ᠠ ᠶᠢᠨ ᠡᠪᠡᠳᠴᠢᠨ︾ ᠲᠤ ᠭᠤᠣᠯᠳᠠᠭᠤ ᠲᠣᠣᠷᠠᠬᠢ ᠬᠡᠳᠤᠨ ᠵᠦᠢᠯ ᠢ ᠪᠠᠭᠳᠠᠭᠠᠳᠠᠭ᠄ | ᠬᠠᠯᠠᠭᠤᠨ ᠲᠣᠭᠤᠭ᠎ᠠ ᠶᠢᠨ ᠬᠠᠯᠠᠭᠤᠨ ᠤ ᠬᠡᠮᠵᠢᠶ᠎ᠡ ᠨᠢ ᠦᠨᠳᠣᠷ᠂ ᠱᠦᠯᠥ ᠨᠢ ᠲᠣᠩ ᠬᠤᠷᠴᠠ ᠪᠣᠯᠬᠤᠷ᠂ ᠵᠠᠷᠢᠮ | ᠬᠦᠮᠦᠨ ᠢᠳᠡᠭᠰᠡᠨ ᠤ ᠲᠠᠷᠠᠭ᠎ᠠ ︽ᠬᠠᠯᠠᠭᠤᠳᠠᠬᠤ︾ ᠪᠠᠶᠢᠳᠡᠯ ᠢᠯᠡᠷᠡᠵᠦ᠂ ᠭᠤᠣᠯᠳᠠᠭᠤ ᠬᠡᠯᠡ ᠠᠮᠠ ᠲᠡᠭᠡᠷ᠎ᠡ ᠨᠢ | ᠶᠡᠷ᠎ᠠ ᠭᠠᠷᠬᠤ᠂ ᠪᠣᠶᠢᠯᠠ ᠨᠢ ᠣᠯᠠᠶᠢᠵᠦ ᠬᠠᠪᠣᠳᠬᠤ ᠵᠡᠷᠭᠡ ᠢᠯᠡᠷᠡᠯ ᠭᠠᠷᠴᠦ᠂ ᠪᠠᠰᠠ ᠵᠠᠷᠢᠮ ᠦᠶᠡᠰ ᠠᠮᠠᠨ ᠬᠦᠨᠳᠡᠢ | ᠪᠠ ᠣᠯᠠᠭᠠᠨ ᠬᠤᠭᠤᠯᠠᠢ ᠪᠠᠨ ᠰᠢᠯᠵᠠᠭᠠᠳᠠᠭ᠃ ᠬᠠᠯᠠᠭᠤᠨ ᠲᠣᠭᠤᠭᠠᠨ ᠤ ᠥᠨᠦᠷ ᠠᠮᠲᠠ ᠶᠢ ᠣᠯᠡᠮ ᠰᠠᠶᠢᠬᠠᠨ | ᠪᠣᠯᠭᠠᠬᠤ ᠶᠢᠨ ᠲᠦᠯᠦᠭᠡ᠂ ᠵᠠᠷᠢᠮ ᠬᠦᠮᠦᠨ ᠬᠠᠯᠠᠭᠤᠨ ᠲᠣᠭᠤᠭᠠᠨ ᠳᠠᠭᠠᠨ ᠡᠯᠳᠡᠪ ᠵᠦᠢᠯ ᠤᠨ ᠠᠮᠢᠳᠡᠨ ᠤ ᠲᠣᠳᠤᠷ | ᠡᠷᠭᠡᠳᠡᠨ᠂ ᠲᠠᠯᠠᠢ ᠶᠢᠨ ᠭᠠᠷᠣᠯᠳᠡ ᠬᠢᠵᠦ ᠢᠳᠡᠳᠡᠭ᠂ ᠰᠢᠭᠡᠰᠦᠨ ᠬᠦᠴᠢᠯ ᠨᠡᠯᠢᠶᠡᠳ ᠦᠨᠳᠣᠷ ᠬᠦᠮᠦᠨ ᠡᠭᠦᠨ ᠢ | ᠢᠳᠡᠭᠰᠡᠨ ᠤ ᠲᠠᠷᠠᠭ᠎ᠠ ᠲᠣᠯᠢ ᠡᠪᠡᠳᠴᠢᠨ ᠳᠤ ᠨᠡᠷᠪᠡᠭᠳᠡᠵᠦ᠂ ᠬᠥᠯ ᠤᠨ ᠪᠤᠷᠪᠢ ᠵᠡᠷᠭᠡ ᠦᠶ᠎ᠡ ᠭᠡᠰᠢᠭᠦᠦ ᠨᠢ ᠲᠣᠩ | ᠡᠪᠡᠳᠳᠡᠭ᠃ ᠬᠠᠯᠠᠭᠤᠨ ᠨᠤᠭᠤᠭ᠎ᠠ ᠢᠳᠡᠬᠦ ᠶᠢᠨ ᠬᠠᠮᠳᠣ ᠬᠦᠢᠳᠡᠨ ᠫᠢᠸᠤ᠋ ᠪᠣᠶᠣ ᠬᠦᠢᠳᠡᠨ ᠣᠮᠳᠠᠭᠠᠨ ᠣᠣᠭᠤᠪᠠᠯ | ᠬᠤᠳᠣᠭᠤᠳᠣ ᠭᠡᠳᠡᠰᠦ ᠶᠢ ᠮᠠᠭᠤᠳᠠᠭᠤᠯᠵᠦ᠂ ᠰᠢᠩᠭᠡᠭᠡᠯᠳᠡ ᠶᠢ ᠮᠠᠭᠤᠳᠡᠭᠤᠯᠣᠨ᠂ ᠬᠤᠳᠣᠭᠤᠳᠣ ᠭᠡᠳᠡᠰᠤᠨ ᠤ | ᠦᠷᠪᠢᠰᠦᠯ ᠡᠭᠦᠰᠭᠡᠨ᠎ᠡ᠃ ᠵᠠᠷᠢᠮ ᠬᠦᠮᠦᠨ ᠠᠮᠢᠳᠡᠨ ᠤ ᠲᠣᠲᠣᠷ ᠡᠷᠭᠡᠳᠡᠨ᠂ ᠲᠠᠯᠠᠢ ᠶᠢᠨ ᠭᠠᠷᠣᠯᠳᠡ ᠶᠢ | ᠪᠣᠯᠬᠤ ᠠᠴᠠ ᠡᠮᠦᠨ᠎ᠡ ᠢᠳᠡᠳᠡᠭ᠂ ᠡᠨᠡ ᠨᠢ ᠵᠣᠬᠢᠬᠤ ᠬᠡᠮᠵᠢᠶᠡᠨ ᠤ ᠮᠦᠯᠵᠢᠬᠦᠷ ᠬᠤᠷᠣᠬᠠᠢ ᠶᠢ ᠢᠳᠡᠨ ᠣᠷᠣᠭᠤᠯᠵᠦ᠂ | ᠬᠤᠳᠣᠭᠤᠳᠣ ᠭᠡᠳᠡᠰᠣᠨ ᠤ ᠡᠪᠡᠳᠴᠢᠨ ᠣᠯᠳᠠᠭ ᠪᠠᠶᠢᠨ᠎ᠠ᠃ | ᠴᠢᠩᠭᠢᠪᠡᠯ ᠬᠠᠯᠠᠭᠤᠨ ᠲᠣᠭᠤᠭ᠎ᠠ ᠶᠢ ᠶᠠᠭᠠᠬᠢᠵᠦ ᠢᠳᠡᠪᠡᠯ ᠡᠷᠡᠬᠦᠯ ᠴᠢᠬᠢᠷᠠᠭ ᠲᠤ ᠲᠣᠰᠠᠳᠡᠢ ᠪᠣᠢ︖ | 1.ᠭᠡᠳᠣ ᠭᠤᠱᠣᠭᠤᠨ᠂ ᠲᠣᠰᠣ ᠠᠷᠪᠢᠨ ᠬᠠᠯᠠᠭᠤᠨ ᠲᠣᠭᠤᠭ᠎ᠠ ᠶᠢ ᠢᠳᠡᠬᠦ ᠠᠴᠠ ᠵᠠᠶᠢᠯᠠᠰᠬᠢᠬᠦ ᠬᠡᠷᠡᠭᠳᠡᠢ᠃ | ᠰᠧᠴᠣᠸᠠᠨ ᠤ ᠣᠯᠠᠭᠠᠨ ᠲᠣᠰᠣ ᠲᠠᠢ ᠬᠠᠯᠠᠭᠤᠨ ᠲᠣᠭᠤᠭ᠎ᠠ ᠨᠢ ᠣᠶᠢᠷ᠎ᠡ ᠶᠢᠨ ᠵᠢᠯ ᠠᠴᠠ ᠣᠮᠠᠷᠠᠳᠣ | ᠣᠷᠣᠨ ᠳᠤ ᠣᠨᠴᠠᠭᠠᠢ ᠲᠡᠯᠭᠡᠷᠡᠵᠦ ᠪᠣᠢ᠂ ᠭᠡᠳᠡᠯ᠎ᠡ ᠭᠡᠳᠣ ᠭᠤᠱᠣᠭᠤᠨ ᠭᠡᠳᠣ ᠲᠣᠰᠤ ᠲᠠᠢ ᠬᠠᠯᠠᠭᠤᠨ ᠲᠣᠭᠤᠭ᠎ᠠ ᠨᠢ | ᠭᠠᠨᠭ᠌ ᠬᠠᠭᠤᠷᠠᠢ ᠣᠮᠠᠷᠠᠳᠣ ᠣᠷᠣᠨ ᠤ ᠬᠦᠮᠦᠰ ᠲᠤ ᠵᠤᠬᠢᠷᠠᠬᠤ ᠦᠭᠡᠢ ᠪᠠᠶᠢᠵᠦ᠂ ᠬᠢᠯᠪᠠᠷᠬᠠᠨ ᠪᠡᠶ᠎ᠡ ᠶᠢ | ᠮᠠᠭᠤᠳᠠᠭᠤᠯᠳᠠᠭ ᠪᠠᠶᠢᠨ᠎ᠠ᠃ ᠡᠶᠢᠮᠦ ᠠᠴᠠ᠂ ᠣᠮᠠᠷᠠᠳᠣ ᠣᠷᠣᠨ ᠤ ᠬᠦᠮᠦᠰ ᠬᠠᠯᠠᠭᠤᠨ ᠲᠣᠭᠤᠭ᠎ᠠ ᠢᠳᠡᠬᠦ ᠳᠡᠭᠡᠨ | ᠬᠠᠮᠤᠭ ᠤᠨ ᠰᠠᠶᠢᠨ ᠨᠢ ᠪᠣᠷᠣ ᠱᠦᠯᠥ ᠶᠢ ᠰᠣᠩᠭᠤᠵᠦ᠂ ᠭᠤᠱᠣᠭᠤᠨ ᠢ ᠢᠳᠡᠬᠦ ᠲᠣᠷᠠᠳᠡᠢ ᠬᠦᠮᠦᠰ ᠦᠪᠡᠷ ᠤᠨ | ᠢᠳᠡᠬᠦ ᠬᠡᠮᠵᠢᠶ᠎ᠡ ᠪᠠᠷ ᠢᠶᠠᠨ ᠵᠣᠬᠢᠰᠳᠡᠢ ᠢᠳᠡᠪᠡᠯ ᠵᠣᠬᠢᠨ᠎ᠠ᠃ ᠣᠳᠣᠬᠠᠨ ᠳᠤ ᠴᠦᠬᠡᠨ ᠪᠣᠰᠦ ᠬᠤᠭᠤᠯᠠᠨ ᠭᠡᠷ ᠰᠢᠮ᠎ᠡ | ᠲᠡᠵᠢᠭᠡᠯ ᠨᠦᠬᠦᠪᠦᠷᠢᠯᠡᠬᠦ ᠬᠡᠯᠪᠡᠷᠢ ᠶᠢᠨ ᠪᠣᠷᠣ ᠪᠣᠶᠣ ᠣᠯᠠᠭᠠᠨ ᠯᠣᠣᠯᠢ ᠶᠢᠨ ᠲᠥᠷᠥᠯ ᠤᠨ ᠠᠮᠲᠠ ᠣᠷᠣᠭᠤᠯᠬᠤ | ᠡᠳ᠋ ᠢ ᠬᠡᠷᠡᠭᠯᠡᠵᠦ ᠪᠠᠶᠢᠨ᠎ᠠ᠂ ᠡᠨᠡ ᠪᠣᠯ ᠬᠠᠯᠠᠭᠤᠨ ᠲᠣᠭᠤᠭ᠎ᠠ ᠢᠳᠡᠬᠦ ᠶᠢᠨ ᠬᠠᠮᠤᠭ ᠤᠨ ᠰᠠᠶᠢᠨ ᠰᠣᠩᠭᠤᠯᠳᠡ | ᠪᠣᠯᠣᠨ᠎ᠠ᠃ | 2. ᠨᠣᠭᠤᠭ᠎ᠠ ᠬᠢᠵᠦ ᠢᠳᠡᠬᠦ ᠠᠴᠠ ᠡᠮᠦᠨ᠎ᠡ ᠵᠢᠭᠠᠬᠠᠨ ᠭᠤᠣᠯ ᠢᠳᠡᠭᠡᠨ ᠢᠳᠡᠪᠡᠯ ᠵᠣᠬᠢᠨ᠎ᠠ᠃ ᠮᠢᠬ᠎ᠠ ᠪᠣᠶᠣ | ᠨᠣᠭᠤᠭ᠎ᠠ ᠢᠳᠡᠬᠦ ᠠᠴᠠ ᠡᠮᠦᠨ᠎ᠡ ᠵᠢᠭᠠᠬᠠᠨ ᠴᠠᠷᠳᠠᠭᠤᠯ ᠤᠨ ᠲᠥᠷᠥᠯ ᠤᠨ ᠢᠳᠡᠭᠡᠨ ᠢ ᠢᠳᠡᠵᠦ᠂ ᠲᠠᠷᠣᠢ ᠲᠦᠮᠦᠰᠦ᠂ | ᠠᠮᠳᠠᠳᠣ ᠲᠦᠮᠦᠰᠦ ᠵᠡᠷᠭᠡ ᠶᠢ ᠢᠳᠡᠪᠡᠯ ᠵᠣᠬᠢᠨ᠎ᠠ᠃ ᠢᠩᠭᠢᠬᠦ ᠨᠢ ᠢᠳᠡᠬᠦ ᠬᠡᠮᠵᠢᠶ᠎ᠡ ᠪᠠᠨ ᠬᠢᠵᠠᠭᠠᠷᠯᠠᠵᠦ | ᠲᠡᠶᠢᠯᠬᠦ ᠪᠠᠷ ᠪᠠᠷᠠᠬᠤ ᠦᠭᠡᠢ᠂ ᠪᠠᠰᠠ ᠬᠤᠳᠣᠭᠤᠳᠣ ᠭᠡᠳᠡᠰᠣ ᠪᠠᠨ ᠬᠠᠮᠠᠭᠠᠯᠠᠵᠦ ᠲᠡᠶᠢᠯᠦᠨ᠎ᠡ᠃ | 3.ᠨᠣᠭᠤᠭ᠎ᠠ ᠮᠢᠬ᠎ᠠ ᠶᠢ ᠭᠤᠷᠪᠠᠨ ᠤ ᠨᠢᠭᠡ ᠬᠠᠷᠢᠴᠡᠯ ᠢᠶᠠᠷ ᠢᠳᠡᠬᠦ ᠬᠡᠷᠡᠭᠳᠡᠢ᠃ ᠮᠠᠰᠢ ᠣᠯᠡᠨ ᠬᠦᠮᠦᠨ | ᠬᠠᠯᠠᠭᠤᠨ ᠲᠣᠭᠤᠭ᠎ᠠ ᠢᠳᠡᠬᠦ ᠦᠶᠡᠰ ᠮᠡᠳᠡᠭᠰᠡᠨ ᠴᠦ ᠦᠭᠡᠢ ᠪᠠᠷ ᠭᠡᠳᠣ ᠢᠳᠡᠴᠢᠳᠡᠭ᠂ ᠡᠨᠡ ᠪᠣᠯ ᠪᠡᠶ᠎ᠡ ᠳᠤ ᠮᠠᠭᠤ | ᠶᠤᠮ᠂ ᠢᠯᠡᠩᠭᠤᠶ᠎ᠠ ᠴᠢᠰᠦᠨ ᠥᠭᠡᠬᠦ ᠦᠨᠳᠣᠷ ᠬᠦᠮᠦᠨ ᠬᠠᠯᠠᠭᠤᠨ ᠲᠣᠭᠤᠭ᠎ᠠ ᠢᠳᠡᠬᠦ ᠳᠡᠭᠡᠨ ᠨᠤᠭᠤᠭ᠎ᠠ ᠮᠢᠬ᠎ᠠ ᠶᠢ | ᠭᠤᠷᠪᠠᠨ ᠤ ᠨᠢᠭᠡ ᠬᠠᠷᠢᠴᠠᠯ ᠢᠶᠠᠷ ᠢᠳᠡᠵᠦ᠂ ᠥᠭᠡᠬᠦ ᠠᠷᠪᠢᠨ ᠢᠳᠡᠭᠡᠨ ᠢᠳᠡᠬᠦ ᠶᠢ ᠬᠢᠵᠠᠭᠠᠷᠯᠠᠬᠤ ᠬᠡᠷᠡᠭᠳᠡᠢ᠃ | 4. ᠪᠣᠯᠬᠤ ᠶᠢᠨ ᠲᠣᠳᠣᠷ᠎ᠡ ᠬᠦᠢᠳᠡᠨ ᠣᠮᠳᠠᠭᠠᠨ ᠢ ᠣᠣᠭᠤᠬᠤ ᠦᠭᠡᠢ ᠪᠣᠯ ᠰᠠᠶᠢᠨ᠃ ᠬᠠᠷ᠎ᠠ ᠠᠷᠢᠬᠢ᠂ | ᠬᠦᠢᠳᠡᠨ ᠣᠮᠳᠠᠭᠠᠨ ᠪᠣᠯ ᠬᠤᠳᠣᠭᠤᠳᠣ ᠭᠡᠳᠡᠰᠣᠨ ᠳᠤ ᠴᠡᠭᠡᠷ ᠲᠠᠢ ᠡᠳ᠋ ᠶᠤᠮ᠂ ᠬᠠᠯᠠᠭᠤᠨ ᠱᠦᠯᠥ ᠲᠠᠢ | ᠣᠣᠭᠤᠪᠠᠯ ᠬᠤᠳᠣᠭᠤᠳᠣ ᠭᠡᠳᠡᠰᠣᠨ ᠳᠤ ᠨᠡᠩ ᠶᠡᠭᠡ ᠰᠠᠳᠡᠯᠳᠡ ᠥᠭᠳᠡᠭ ᠶᠤᠮ᠃ ᠡᠶᠢᠮᠦ ᠠᠴᠠ ᠣᠮᠳᠠᠭᠠᠨ ᠢ | ᠰᠣᠩᠭᠤᠬᠤ ᠦᠶᠡᠰ᠂ ᠪᠣᠷᠴᠠᠭ ᠤᠨ ᠵᠣᠳᠡᠩ᠂ ᠡᠭᠡᠳᠡᠭᠰᠡᠨ ᠰᠦ ᠵᠡᠷᠭᠡ ᠶᠢ ᠰᠣᠩᠭᠤᠵᠦ ᠣᠣᠭᠤᠬᠤ ᠨᠢ | ᠬᠤᠳᠣᠭᠤᠳᠣ ᠭᠡᠳᠡᠰᠣ ᠶᠢ ᠬᠠᠮᠠᠭᠠᠯᠠᠬᠤ ᠳᠤ ᠰᠠᠶᠢᠨ ᠪᠠᠶᠢᠳᠠᠭ ᠶᠤᠮ᠃ | 5.ᠨᠣᠭᠤᠭ᠎ᠠ ᠴᠠᠭ᠎ᠠ ᠶᠢ ᠪᠣᠴᠠᠯᠭᠠᠬᠤ ᠴᠠᠭ ᠢ ᠴᠢᠩᠭ᠎ᠠ ᠡᠵᠡᠮᠳᠡᠬᠦ ᠬᠡᠷᠡᠭᠳᠡᠢ᠃ ᠢᠯᠠᠩᠭᠤᠶ᠎ᠠ ᠮᠢᠬᠠᠨ ᠤ | ᠲᠥᠷᠥᠯ᠂ ᠲᠠᠯᠠᠢ ᠶᠢᠨ ᠭᠠᠷᠣᠯᠳᠡ ᠶᠢ ᠵᠠᠪᠠᠯ ᠪᠣᠯᠣᠨᠨᠰᠠᠨ ᠤ ᠲᠠᠷᠠᠭ᠎ᠠ ᠢᠳᠡᠬᠦ ᠬᠡᠷᠡᠭᠳᠡᠢ᠃ ᠡᠩ ᠤᠨ ᠮᠢᠬ᠎ᠠ ᠶᠢ | ᠴᠢᠨᠠᠬᠤ ᠳᠠᠭᠠᠨ 10 ᠮᠢᠨᠦ᠋ᠲ ᠠᠴᠠ ᠲᠡᠭᠡᠭᠰᠢ ᠴᠢᠨᠠᠵᠦ᠂ ᠳᠠᠯᠠᠢ ᠶᠢᠨ ᠭᠠᠷᠣᠯᠳᠡ ᠶᠢ 15 ᠮᠢᠨᠦ᠋ᠲ ᠠᠴᠠ ᠲᠡᠭᠡᠭᠰᠢ | ᠴᠢᠨᠠᠨ᠂ ᠢᠳᠡᠰᠢᠨ ᠨᠣᠭᠤᠭ᠎ᠠ ᠶᠢ 2 ᠮᠢᠨᠦ᠋ᠲ ᠴᠢᠨᠠᠪᠠᠯ ᠪᠣᠯᠴᠢᠬᠠᠨ᠎ᠠ᠂ ᠢᠩᠭᠢᠪᠡᠯ ᠲᠡᠭᠦᠨ ᠤ ᠰᠢᠮ᠎ᠡ ᠲᠡᠵᠢᠭᠡᠯ ᠢ | ᠡᠪᠳᠡᠬᠦ ᠦᠭᠡᠢ ᠪᠠᠶᠢᠳᠠᠭ᠃ | 6.ᠨᠠᠰᠣᠳᠡᠢ ᠬᠦᠮᠦᠨ᠂ ᠣᠳᠠᠭᠠᠨ ᠴᠢᠨᠠᠷᠳᠡᠢ ᠡᠪᠡᠳᠴᠢᠨ ᠲᠠᠢ ᠬᠦᠮᠦᠨ᠂ ᠰᠢᠭᠡᠰᠦᠨ ᠬᠦᠴᠢᠯ ᠦᠨᠳᠣᠷ | ᠬᠦᠮᠦᠨ ᠬᠠᠯᠠᠭᠤᠨ ᠲᠣᠭᠤᠭ᠎ᠠ ᠶᠢ ᠴᠦᠬᠡᠨ ᠢᠳᠡᠵᠦ᠂ ᠢᠯᠠᠩᠭᠤᠶ᠎ᠠ ᠣᠳᠠᠭᠠᠨ ᠪᠣᠴᠠᠯᠭᠠᠨᠨᠰᠠᠨ ᠱᠥᠯᠥ ᠶᠢ | ᠣᠣᠭᠤᠬᠤ ᠶᠢ ᠴᠡᠭᠡᠷᠯᠡᠪᠡᠯ ᠵᠣᠬᠢᠨ᠎ᠠ᠃ ᠴᠢᠰᠦᠨ ᠳᠠᠷᠣᠯᠳᠡ ᠦᠨᠳᠣᠷ ᠨᠠᠰᠣᠳᠠᠶᠢᠴᠣᠣᠯ ᠪᠦᠷ ᠪᠣᠷᠣ ᠱᠦᠯᠥ ᠶᠢ | ᠰᠣᠩᠭᠤᠵᠦ᠂ ᠬᠡᠳᠣ ᠲᠠᠪᠣᠰᠣ ᠢᠳᠡᠬᠦ ᠶᠢ ᠴᠡᠭᠡᠷᠯᠡᠬᠦ ᠬᠡᠷᠡᠭᠳᠡᠢ᠃ | ᠵᠦᠪᠬᠡᠨ ᠲᠡᠭᠡᠷ᠎ᠡ ᠲᠣᠷᠠᠳᠣᠨᠨᠰᠠᠨ ᠵᠦᠢᠯ ᠢ ᠠᠩᠬᠠᠷᠣᠯ ᠳᠠᠭᠠᠨ ᠠᠪᠴᠦ ᠲᠡᠶᠢᠯᠪᠡᠯ᠂ ᠬᠠᠯᠠᠭᠤᠨ | ᠲᠣᠭᠤᠭᠠᠨ ᠤ ᠬᠠᠪᠤ ᠴᠡᠩᠭᠡᠯ ᠢ ᠡᠳ᠋ᠯᠡᠵᠦ ᠲᠡᠶᠢᠯᠬᠦ ᠪᠠᠷ ᠪᠠᠷᠠᠬᠤ ᠦᠭᠡᠢ᠂ ᠡᠷᠡᠬᠦᠯ ᠮᠡᠨᠳᠣ ᠪᠠᠨ ᠪᠠᠳᠣᠯᠠᠵᠦ᠂ ︽ | ᠬᠠᠯᠠᠭᠤᠨ ᠲᠣᠭᠤᠭ᠎ᠠ ᠶᠢᠨ ᠡᠪᠡᠳᠴᠢᠨ︾ ᠠᠴᠠ ᠬᠤᠯᠠ ᠵᠠᠶᠢᠯᠠᠵᠦ ᠲᠡᠶᠢᠯᠦᠨ᠎ᠡ᠃ | | ᠢᠷᠡᠯᠳᠡ᠄ ᠰᠢᠳᠣᠭᠡᠨ ᠮᠤᠩᠭᠤᠯ ᠲᠠᠪᠴᠠᠩ | ᠪᠡᠯᠡᠳᠭᠡᠭᠰᠡᠨ ᠨᠢ᠄ ᠭᠧ ᠲᠣᠸᠠᠨ ᠯᠢᠶᠡᠨ |