ᠦᠮᠠᠨ ᠡᠪᠡᠳᠴᠢᠨ ᠠᠴᠠ ᠰᠡᠷᠭᠡᠶᠢᠯᠡᠬᠦ 7 ᠠᠷᠭ᠎ᠠ
ᠨᠡᠶᠢᠲᠡᠯᠡᠭᠰᠡᠨ ᠴᠠᠭ᠄
2019-05-22
                      ᠬᠤᠣᠷᠳᠣ ᠬᠠᠪᠣᠳᠡᠷ ᠤᠨ ᠡᠷᠡᠰᠳᠡᠯ ᠢ ᠪᠠᠭᠤᠷᠠᠭᠤᠯᠬᠤ ᠡᠩ ᠤᠨ 7 ᠠᠷᠭ᠎ᠠ      ᠬᠤᠤᠷᠳᠣ ᠬᠠᠪᠣᠳᠡᠷ ᠠᠴᠠ ᠰᠡᠷᠭᠡᠶᠢᠯᠡᠬᠦ ᠶᠢᠨ ᠲᠣᠯᠠᠳᠡ ᠲᠠ ᠦᠪᠡᠷ ᠤᠨ ᠪᠡᠶ᠎ᠡ ᠪᠠᠨ ᠬᠠᠶᠢᠷᠠᠯᠠᠵᠦ᠂ ᠡᠷᠡᠬᠦᠯ ᠪᠠᠶᠢᠵᠦ ᠬᠠᠪᠣᠳᠡᠷ ᠤᠨ ᠡᠰ ᠨᠦᠬᠦᠴᠡᠯ ᠢ ᠪᠦᠷᠢᠳᠣᠬᠦᠯᠬᠦ ᠦᠭᠡᠢ ᠪᠠᠶᠢᠬᠤ ᠬᠡᠷᠡᠭᠳᠡᠢ᠃ ᠣᠳᠣ ᠴᠠᠭ ᠲᠤ ᠨᠢᠭᠡᠨᠳᠡ ᠡᠭᠦᠰᠦᠭᠰᠡᠨ ᠬᠤᠣᠷᠳᠣ ᠬᠠᠪᠣᠳᠡᠷ ᠢ ᠡᠮᠴᠢᠯᠡᠬᠦ ᠠᠷᠭ᠎ᠠ ᠬᠠᠷᠠᠬᠠᠨ ᠭᠠᠷᠤᠭ᠎ᠠ ᠦᠭᠡᠢ ᠯᠡ ᠪᠠᠶᠢᠨ᠎ᠠ᠃ ᠲᠡᠶᠢᠮᠦ ᠳᠤ ᠪᠠᠨ ᠴᠦ ᠲᠠ ᠪᠦᠬᠦᠨ ᠳᠤ ᠦᠬᠦᠯ ᠤᠨ ᠠᠶᠣᠯᠳᠡᠢ ᠬᠠᠪᠣᠳᠡᠷ ᠲᠣᠰᠬᠠᠬᠤ ᠦᠭᠡᠢ ᠲᠣᠯᠠᠳᠡ ᠡᠷᠡᠬᠦᠯ ᠮᠡᠨᠳᠣ ᠳᠤ ᠪᠠᠨ ᠬᠡᠷᠬᠢᠨ ᠠᠩᠬᠠᠷᠴᠦ᠂ ᠶᠠᠮᠡᠷ ᠠᠷᠭ᠎ᠠ ᠨᠤᠭᠤᠳ ᠬᠡᠷᠡᠭᠯᠡᠵᠦ ᠪᠣᠯᠬᠤ ᠲᠠᠯ᠎ᠠ ᠪᠠᠷ ᠬᠢ ᠵᠦᠪᠯᠡᠯᠭᠡ ᠶᠢ ᠬᠦᠷᠭᠡᠵᠦ ᠪᠠᠶᠢᠨ᠎ᠠ᠃ ᠣᠩᠰᠢᠭᠠᠳ ᠦᠩᠭᠡᠷᠡᠬᠦ ᠪᠣᠰᠤ ᠠᠮᠢᠳᠣᠷᠡᠯ ᠲᠡᠭᠡᠷ᠎ᠡ ᠪᠠᠨ ᠦᠢᠯᠡᠳᠣᠯ ᠪᠣᠯᠭᠠᠨ ᠬᠡᠷᠡᠭᠵᠢᠬᠦᠯᠦᠭᠡᠷᠡᠢ᠃        1. ︽SPF︾ ᠬᠠᠮᠠᠭᠠᠯᠠᠯ ᠲᠠᠢ ᠲᠣᠰᠣ ᠬᠡᠷᠡᠭᠯᠡᠵᠦ᠂ ᠪᠠᠶᠢᠩᠭᠤ ᠮᠠᠯᠠᠭᠠᠢ ᠡᠮᠦᠰ        ᠠᠷᠠᠰᠤᠨ ᠤ ᠬᠤᠤᠷᠳᠣ ᠬᠠᠪᠣᠳᠡᠷ ᠶᠡᠬᠡᠪᠴᠢᠯᠡᠨ ᠬᠡᠳᠣ ᠶᠠᠭᠠᠨ ᠲᠣᠶᠠᠭᠠᠨ ᠠᠴᠠ ᠡᠭᠦᠳᠳᠡᠭ ᠪᠦᠭᠡᠳ ᠠᠬᠢᠮᠠᠭ ᠨᠠᠰᠤᠨ ᠤ ᠬᠢᠨ᠂ ᠣᠯᠡᠨ ᠲᠥᠷᠥᠭᠰᠡᠨ ᠡᠮᠡᠭᠳᠡᠶᠢᠴᠦᠳ ᠪᠣᠯᠣᠨ ᠴᠠᠶᠢᠪᠣᠷ ᠠᠷᠠᠰᠣ ᠲᠠᠢ ᠬᠦᠮᠦᠰ ᠲᠣᠰᠬᠤ  ᠨᠢ ᠡᠯᠪᠡᠭ ᠪᠠᠶᠢᠳᠠᠭ᠃ ᠲᠠ ᠡᠳᠡᠭᠡᠷ ᠲᠤ ᠬᠠᠮᠢᠶᠠᠷᠬᠤ ᠦᠬᠡᠢ ᠪᠠᠶᠢᠯ᠎ᠠ ᠴᠦ ᠭᠡᠰᠡᠨ ᠨᠠᠷᠠᠨ ᠠᠴᠠ ᠬᠠᠮᠠᠭᠠᠯᠠᠬᠤ ᠲᠣᠰᠣ ᠬᠡᠷᠡᠭᠯᠡᠵᠦ᠂ ᠪᠠᠶᠢᠩᠭᠤ ᠮᠠᠯᠠᠭᠠᠢ ᠡᠮᠦᠰᠴᠦ ᠪᠠᠶᠢᠬᠤ ᠬᠡᠷᠡᠭᠳᠡᠢ ᠰᠢᠤ᠃ ᠢᠯᠠᠩᠭᠤᠶ᠎ᠠ ᠬᠡᠳᠣ ᠶᠠᠭᠠᠨ ᠲᠣᠶᠠᠭᠠᠨ ᠠᠴᠠ ᠬᠠᠮᠠᠭᠠᠯᠠᠳᠠᠭ ︽SPF︾  ᠬᠠᠮᠠᠭᠠᠯᠠᠯᠳᠡ ᠲᠠᠢ ᠨᠠᠷᠠᠨ ᠲᠣᠰᠣ ᠬᠡᠷᠡᠭᠯᠡᠵᠦ ᠪᠠᠶᠢᠭᠠᠷᠠᠢ᠃       ᠮᠦᠨ B3 ᠠᠮᠢᠨ ᠳᠡᠮ ᠨᠢ ᠬᠡᠳᠣ ᠶᠠᠭᠠᠨ ᠲᠣᠶᠠᠭᠠᠨ ᠠᠴᠠ ᠬᠠᠮᠠᠭᠠᠯᠠᠬᠤ ᠠᠴᠠ ᠭᠠᠳᠡᠨ᠎ᠡ ᠠᠷᠠᠰᠣᠨ ᠤ ᠬᠡᠳᠣ ᠬᠡᠳᠣᠨ ᠲᠦᠷᠦᠯ ᠤᠨ ᠬᠤᠤᠷᠳᠤ ᠬᠠᠪᠣᠳᠡᠷ ᠠᠴᠠ ᠰᠡᠷᠭᠡᠶᠢᠯᠡᠳᠡᠭ᠃       2. ᠬᠤᠪᠠᠨᠴᠡᠷ ᠰᠠᠪᠠ ᠬᠡᠷᠡᠭᠯᠡᠬᠦ ᠨᠢ ᠡᠷᠡᠬᠦᠯ ᠮᠡᠨᠳᠣ ᠳᠤ ᠰᠠᠶᠢᠨ ᠪᠢᠰᠢ       ᠮᠡᠷᠭᠡᠵᠢᠯᠳᠡᠨ ᠨᠦᠭᠦᠳ ᠰᠣᠳᠣᠯᠭᠠᠨ ᠤ ᠪᠠᠨ ᠳ᠋ᠦᠩ ᠳᠤ ᠬᠤᠪᠠᠨᠴᠡᠷ ᠰᠠᠪᠠᠨ ᠳᠤ ᠬᠤᠤᠷᠳᠡᠢ ᠬᠢᠮᠢ ᠶᠢᠨ ᠨᠠᠶᠢᠷᠠᠯᠭ᠎ᠠ ᠪᠠᠶᠢᠳᠠᠭ ᠨᠢ ᠬᠠᠪᠣᠳᠡᠷ ᠡᠬᠦᠰᠭᠡᠬᠦ‍ ᠨᠢᠭᠡ ᠰᠢᠯᠳᠠᠭᠠᠨ ᠪᠣᠯᠵᠦ ᠪᠠᠶᠢᠵᠦ ᠮᠠᠭᠠᠳ ᠦᠭᠡᠢ ᠬᠡᠰᠡᠨ ᠳ᠋ᠦᠩᠨᠡᠯᠳᠡ ᠳᠤ ᠬᠦᠷᠴᠡᠢ᠃       ᠬᠤᠪᠠᠨᠴᠡᠷ ᠰᠠᠪᠠ ᠨᠢ ᠬᠦᠬᠦᠨ ᠤ ᠬᠠᠪᠣᠳᠡᠷ ᠡᠬᠦᠰᠭᠡᠬᠦ ᠳᠤ ᠢᠯᠡᠬᠦᠦ ᠲᠠᠢ ᠨᠦᠯᠦᠭᠡᠯᠡᠳᠡᠭ ᠭᠡᠰᠡᠨ ᠪᠠᠶᠢᠨ᠎ᠠ᠃ ᠲᠡᠭᠡᠬᠦ ᠪᠠᠷ ᠬᠠᠮᠤᠭ ᠤᠨ ᠡᠩ ᠤᠨ ᠲᠥᠷᠢᠮ ᠪᠣᠯ ᠬᠤᠪᠠᠨᠴᠡᠷ ᠰᠠᠪᠠ ᠶᠢ ᠠᠰᠢᠨᠨᠯᠠᠬᠤ ᠦᠭᠡᠢ ᠪᠠᠶᠢᠬᠤ ᠶᠠᠪᠣᠳᠡᠯ ᠶᠤᠮ       3.ᠭᠠᠭ᠋ᠠᠢ ᠶᠢᠨ ᠮᠢᠬ᠎ᠠ᠂ ᠲᠠᠪᠣᠰᠣ᠂ ᠥᠭᠡᠬᠦ ᠪᠠᠭ᠎ᠠ ᠢᠳᠡ       ᠭᠠᠭ᠋ᠠᠢ ᠶᠢᠨ ᠰᠢᠷᠬᠠᠰᠨ᠎ᠠ ᠮᠢᠬ᠎ᠠ ᠠᠴᠠ ᠪᠦᠷᠢᠮᠦᠰᠦᠨ ᠲᠠᠳᠠᠭᠠᠯᠵᠠᠬᠤ ᠬᠡᠷᠡᠭᠳᠡᠢ᠃ ᠢᠯᠠᠩᠭᠤᠶ᠎ᠠ ᠰᠣᠨᠨᠳᠣᠭᠤᠷᠠᠭᠤᠯᠬᠤ ᠣᠮᠳᠠᠭᠠᠨ ᠲᠠᠢ ᠬᠠᠮᠳᠣ ᠬᠡᠷᠡᠭᠯᠡᠵᠦ ᠪᠣᠯᠬᠤ ᠦᠭᠡᠢ᠃ ᠡᠭᠦᠨ ᠤ ᠣᠷᠣᠨ ᠳᠤ ᠲᠠᠬᠢᠶ᠎ᠠ᠂ ᠵᠢᠷᠭᠠᠯᠰᠣ᠂ ᠲᠠᠯᠠᠢ ᠶᠢᠨ ᠭᠠᠷᠣᠯᠳᠡᠢ ᠪᠦᠳᠣᠭᠡᠭᠳᠡᠬᠦᠨ ᠰᠣᠩᠭᠤᠵᠦ ᠪᠣᠯᠣᠨ᠎ᠠ ᠰᠢᠤ ᠳ᠋ᠠ᠃ ᠮᠦᠨ ᠲᠠᠪᠣᠰᠣᠨ ᠤ ᠬᠡᠷᠡᠭᠯᠡᠭᠡ ᠪᠠᠨ ᠬᠢᠨᠠᠵᠦ ᠪᠠᠭᠠᠰᠬᠠᠬᠤ ᠬᠡᠷᠡᠭᠳᠡᠢ ᠰᠢᠤ᠃       4.ᠰᠦ ᠲᠠᠢ ᠴᠠᠢ ᠣᠣᠭᠤ       ᠡᠷᠳᠡᠮᠳᠡᠳ ᠬᠠᠯᠠᠭᠤᠨ ᠴᠠᠢ ᠪᠠᠶᠢᠩᠭᠤ ᠣᠣᠭᠤᠬᠤ ᠨᠢ ᠤᠯᠠᠭᠠᠨ ᠬᠤᠭᠤᠯᠠᠢ ᠶᠢᠨ ᠡᠪᠡᠳᠴᠢᠨ ᠡᠬᠦᠰᠬᠦ ᠡᠷᠡᠰᠳᠡᠯ ᠢ ᠨᠡᠮᠡᠭᠳᠡᠬᠦᠯᠳᠡᠭ ᠪᠣᠯᠬᠤ ᠶᠢ ᠨᠣᠳᠠᠯᠬᠠᠰᠠᠨ᠃ ᠲᠡᠶᠢᠮᠦ ᠣᠴᠢᠷ ᠤᠭ ᠡᠷᠡᠰᠳᠡᠯ ᠢ ᠪᠠᠭᠤᠷᠠᠭᠤᠯᠬᠤ ᠶᠢᠨ ᠲᠣᠯᠠᠳᠡ ᠴᠠᠢ ᠪᠠᠨ ᠬᠦᠷᠦᠬᠡᠵᠦ ᠡᠰᠡᠪᠡᠯ ᠬᠦᠢᠳᠡᠨ ᠰᠦ ᠪᠠᠷ ᠲᠠᠷᠣᠭᠤᠯᠵᠦ ᠤᠤᠭᠤᠵᠦ ᠪᠠᠶᠢᠬᠤ ᠶᠣᠰᠣᠳᠡᠢ ᠶᠢ ᠮᠡᠷᠭᠡᠵᠢᠯᠳᠡᠨ ᠨᠦᠭᠦᠳ ᠠᠩᠬᠠᠷᠤᠭᠤᠯᠵᠦ ᠪᠠᠶᠢᠨ᠎ᠠ᠃       5. ᠨᠣᠭᠤᠭ᠎ᠠ᠂ ᠵᠢᠭᠠᠰᠦ᠂ ᠰᠠᠮᠤᠷ ᠶᠡᠭᠡ ᠢᠳᠡ          ᠬᠠᠪᠣᠳᠡᠷ ᠠᠴᠠ ᠣᠷᠢᠳᠴᠢᠯᠡᠨ ᠰᠡᠷᠭᠡᠶᠢᠯᠡᠬᠦ ᠶᠢᠨ ᠲᠤᠯᠠᠳᠠ ᠵᠢᠭᠠᠰᠣ᠂ ᠦᠷ᠎ᠡ ᠲᠠᠷᠢᠶ᠎ᠠ᠂ ᠬᠦᠨᠡᠰᠦᠨ ᠤ ᠨᠣᠭᠤᠭ᠎ᠠ᠂ ᠵᠢᠮᠢᠰ ᠰᠠᠶᠢᠨ ᠢᠳᠡᠵᠦ ᠪᠠᠢ᠃ ᠰᠠᠮᠣᠷ ᠠᠭᠤᠰᠬᠢᠨ ᠤ ᠬᠤᠤᠷᠳᠣ ᠬᠠᠪᠣᠳᠡᠷ ᠡᠬᠦᠰᠬᠦ ᠡᠷᠡᠰᠳᠡᠯ ᠢ ᠪᠠᠭᠤᠷᠠᠭᠤᠯᠳᠠᠭ ᠨᠢ ᠰᠣᠳᠣᠯᠭᠠᠨ ᠢᠶᠠᠷ ᠪᠠᠳᠣᠯᠬᠠᠳᠠᠵᠠᠢ᠃ ᠢᠯᠡᠴᠢᠯᠡᠭ ᠤᠨ ᠠᠭᠤᠯᠣᠮᠵᠢ ᠶᠡᠬᠡᠳᠡᠢ ᠣᠴᠢᠷ ᠬᠡᠳᠣᠷᠡᠭᠦᠯᠵᠦ ᠬᠡᠷᠡᠭᠯᠡᠬᠦ ᠬᠡᠷᠡᠭ ᠦᠭᠡᠢ᠃ ᠡᠳᠣᠷ ᠲᠤ 20—30 ᠰᠢᠷᠬᠡᠭ ᠪᠣᠶᠢᠯᠠᠰᠣ᠂ ᠲᠠᠤᠯᠠᠢ ᠶᠢᠨ ᠪᠦᠭᠡᠷ᠎ᠡ ᠢᠳᠡᠬᠦ ᠳᠤ ᠯᠠ ᠬᠠᠩᠭᠠᠯᠲᠠ ᠲᠠᠢ᠃       6. ᠪᠣᠬᠢᠨᠢᠳᠣᠯ ᠨᠢ ᠬᠤᠤᠷᠳᠣ ᠬᠠᠪᠣᠳᠡᠷ ᠲᠠᠢ ᠰᠢᠭᠤᠳ ᠬᠤᠯᠪᠣᠭᠠᠳᠠᠢ ᠭᠡᠳᠡᠭ ᠨᠢ ᠪᠠᠳᠣᠯᠬᠠᠳᠠᠭ᠎ᠠ ᠦᠭᠡᠢ ᠴᠦ ᠪᠠᠶᠢᠩᠭᠤ ᠪᠣᠬᠢᠨᠢᠳᠣᠵᠦ᠂ ᠠᠭᠤᠷ ᠤᠴᠠᠭᠠᠷ ᠲᠠᠢ ᠪᠠᠶᠢᠬᠤ ᠨᠢ ᠡᠷᠡᠬᠦᠯ ᠮᠡᠨᠳᠣ ᠳᠤ ᠲᠠᠭ᠎ᠠ ᠦᠭᠡᠢ ᠨᠦᠯᠦᠭᠡ ᠦᠵᠡᠭᠦᠯᠳᠡᠭ᠃ ᠪᠣᠬᠢᠨᠢᠳᠣᠨᠨᠰᠠᠨ ᠠᠴᠠ ᠪᠣᠯᠵᠦ ᠠᠷᠢᠬᠢ᠂ ᠲᠠᠮᠠᠬᠢᠨ ᠤ ᠬᠡᠷᠡᠭᠯᠡᠭᠡ ᠨᠡᠮᠡᠭᠳᠡᠬᠦ ᠠᠴᠠ ᠭᠠᠳᠡᠨ᠎ᠡ ᠲᠠᠷᠬᠠᠯᠠᠭ᠎ᠠ ᠮᠠᠭᠤᠳᠠᠳᠠᠭ᠃ ᠲᠡᠶᠢᠮᠦ ᠪᠣᠯᠬᠤᠷ ᠠᠭᠤᠷ ᠪᠣᠬᠢᠨᠢᠳᠣᠯ ᠨᠢ ᠬᠠᠪᠣᠳᠡᠷ ᠡᠬᠦᠰᠬᠦ ᠳᠤ ᠰᠢᠭᠤᠳ ᠪᠢᠰᠢ ᠪᠣᠯᠪᠠᠴᠦ ᠳᠡᠮ ᠨᠦᠯᠦᠭᠡ ᠦᠵᠡᠭᠦᠯᠳᠡᠭ ᠭᠡᠵᠦ ᠣᠶᠢᠯᠠᠭᠠᠵᠦ ᠪᠣᠯᠬᠤ ᠶᠤᠮ᠃ ᠰᠡᠳᠬᠢᠯ ᠰᠠᠨᠠᠭᠠᠨ ᠤ ᠪᠠᠶᠢᠳᠡᠯ ᠨᠢ ᠬᠦᠮᠦᠨ ᠤ ᠪᠡᠶ᠎ᠡ ᠣᠭᠠᠨᠢᠰᠢᠮ ᠲᠠᠢ ᠨᠢᠨᠨᠳᠡ ᠬᠤᠯᠪᠣᠭᠠᠳᠡᠢ ᠶᠢ ᠮᠠᠷᠳᠡᠵᠦ ᠪᠣᠯᠬᠤ ᠦᠭᠡᠢ ᠰᠢᠤ᠃        7. ᠡᠳᠣᠷ ᠲᠤ ᠶᠠᠳᠠᠬᠤ ᠳᠤ ᠪᠠᠨ 30 ᠮᠢᠨᠦ᠋ᠲ ᠢᠳᠡᠪᠬᠢᠳᠡᠢ ᠬᠦᠳᠡᠯᠵᠦ ᠪᠠᠢ        ᠨᠢᠭᠡᠨᠳᠡ ᠡᠷᠡᠬᠦᠯ ᠮᠠᠨᠳᠣ ᠶᠢᠨ ᠲᠠᠯ᠎ᠠ ᠪᠠᠷ ᠶᠠᠷᠢᠵᠦ ᠪᠠᠶᠢᠭ᠎ᠠ ᠣᠴᠢᠷ ᠰᠫᠣᠷᠲ ᠤᠨ ᠠᠴᠢ ᠬᠤᠯᠪᠤᠨᠨᠳᠡᠯ ᠤᠨ ᠲᠤᠬᠠᠢ ᠶᠠᠷᠢᠬᠤ ᠦᠭᠡᠢ ᠦᠩᠭᠡᠷᠡᠵᠦ ᠪᠣᠯᠬᠤ ᠦᠭᠡᠢ᠃ ᠭᠡᠬᠦ ᠳᠤ ᠪᠠᠨ ᠠᠳᠡ ᠲᠣᠷᠠᠵᠦ ᠵᠢᠩ ᠬᠠᠰᠤᠬᠤ ᠲᠤᠬᠠᠢ ᠶᠠᠷᠢᠶ᠎ᠠ ᠦᠭᠡᠢ᠃ ᠪᠢᠳᠡ ᠲᠠᠷᠬᠠᠯᠠᠭ᠎ᠠ ᠪᠠᠨ ᠬᠠᠳᠠᠭᠠᠯᠠᠵᠦ᠂ ᠡᠷᠡᠬᠦᠯ ᠪᠠᠶᠢᠬᠤ ᠶᠢᠨ ᠲᠣᠯᠠᠳᠡ ᠢᠳᠡᠪᠬᠢᠳᠡᠢ ᠬᠦᠳᠡᠯᠭᠡᠭᠡᠨ ᠬᠢᠵᠦ ᠪᠠᠶᠢᠬᠤ ᠬᠡᠷᠡᠭᠳᠡᠢ ᠪᠠᠶᠢᠳᠠᠭ᠃ ᠡᠳᠣᠷ ᠲᠤ ᠪᠠᠭ᠎ᠠ ᠳᠤ ᠪᠠᠨ 30 ᠮᠢᠨᠦ᠋ᠲ ᠲᠠᠰᠬᠠᠯ ᠬᠦᠳᠡᠯᠭᠡᠭᠡᠨ ᠬᠢᠵᠦ ᠪᠠᠶᠢᠬᠤ ᠨᠢ ᠬᠠᠪᠣᠳᠡᠷ ᠡᠬᠦᠰᠬᠦ ᠡᠷᠡᠰᠳᠡᠯ ᠢ 30 ᠬᠤᠪᠢ ᠪᠠᠭᠤᠷᠠᠭᠤᠯᠳᠠᠭ ᠭᠡᠨ᠎ᠡ᠃        ᠬᠤᠭᠤᠯᠠ ᠬᠦᠨᠡᠰᠦ ᠲᠠᠰᠬᠠᠯ ᠬᠦᠳᠡᠯᠬᠡᠬᠡᠨ ᠨᠢ ᠬᠤᠤᠷᠳᠣ ᠬᠠᠪᠣᠳᠡᠷ ᠠᠴᠠ ᠰᠡᠷᠭᠡᠶᠢᠯᠡᠬᠦ ᠡᠮ ᠪᠡᠯᠡᠳᠣᠮᠡᠯ ᠪᠢᠰᠢ᠃ ᠭᠡᠬᠦ ᠳᠤ ᠪᠠᠨ ᠡᠷᠡᠰᠳᠡᠯ ᠢ ᠪᠠᠭᠤᠷᠠᠭᠤᠯᠬᠤ ᠨᠢᠭᠡᠨ ᠬᠦᠴᠦᠨ ᠵᠦᠢᠯ ᠭᠡᠳᠡᠭ ᠢ ᠬᠦᠯᠢᠶᠡᠨ ᠵᠦᠪᠰᠢᠶᠡᠷᠡᠵᠦ᠂ ᠡᠷᠡᠬᠦᠯ ᠮᠡᠨᠳᠣ ᠳᠤ ᠪᠠᠨ ᠠᠩᠬᠠᠷᠴᠦ ᠪᠠᠶᠢᠭᠠᠷᠠᠢ᠃           ᠮᠤᠩᠭᠤᠯ ᠣᠯᠣᠰ ᠤᠨ caak.mn  ᠠᠴᠠ ᠣᠷᠢᠶᠠᠩᠬᠠᠨ ᠬᠦᠰᠡᠯᠡᠷᠳᠡᠨᠢ ᠬᠦᠷᠪᠡᠭᠦᠯᠪᠡ           ᠢᠷᠡᠯᠳᠡ᠄  ᠴᠢᠩᠭᠢᠰ ᠰᠦᠯᠵᠢᠶ᠎ᠡ               ᠢᠷᠡᠯᠳᠡ᠄ ᠰᠢᠳᠣᠭᠡᠨ ᠮᠤᠩᠭᠤᠯ ᠲᠠᠪᠴᠠᠩ           ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠰᠢᠳᠣᠭᠡᠨ ᠮᠤᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号