ᠲᠠᠪᠣᠰᠣ ᠶᠢ 6 ᠭᠷᠡᠮ ᠠᠴᠠ ᠬᠡᠳᠣᠷᠡᠭᠦᠯᠵᠦ ᠪᠣᠯᠬᠤ ᠦᠭᠡᠢ
ᠨᠡᠶᠢᠲᠡᠯᠡᠭᠰᠡᠨ ᠴᠠᠭ᠄
2019-05-22
                  ᠲᠠ ᠲᠠᠪᠣᠰᠣ ᠶᠢ ᠬᠢᠷᠢ ᠵᠡᠷᠭᠡ ᠡᠳ᠋ᠯᠡᠳᠡᠭ ᠪᠤᠢ︖        ᠲᠣᠮᠳᠡᠳᠣᠴᠣᠳ ᠤᠨ ᠲᠠᠪᠣᠰᠣ ᠡᠳ᠋ᠯᠡᠬᠦ ᠬᠡᠮᠵᠢᠶ᠎ᠡ ᠪᠠᠷᠢᠮᠵᠢᠶ᠎ᠠ ᠠᠴᠠ 75% ᠪᠠᠷ ᠲᠠᠪᠠᠵᠦ᠂ ᠳᠠᠪᠣᠰᠣ ᠶᠢ ᠬᠡᠳᠣ ᠶᠡᠭᠡ ᠡᠳ᠋ᠯᠡᠵᠦ ᠪᠠᠶᠢᠨ᠎ᠠ︕ ᠣᠳᠣᠬᠠᠨ ᠳᠤ ᠮᠠᠨ ᠤ ᠣᠯᠣᠰ ᠤᠨ ᠨᠠᠰᠤᠨ ᠳᠤ ᠬᠦᠷᠦᠭᠰᠡᠳ ᠤᠨ ᠡᠳᠣᠷ ᠪᠦᠷᠢ ᠶᠢᠨ ᠲᠠᠪᠣᠰᠣ ᠡᠳ᠋ᠯᠡᠬᠦ ᠬᠡᠮᠵᠢᠶ᠎ᠡ 10.5 ᠭᠷᠡᠮ ᠬᠦᠷᠴᠦ᠂  ︽ᠲᠣᠮᠳᠡᠳᠣ ᠣᠯᠣᠰ ᠤᠨ ᠰᠠᠭᠤᠭᠠᠯᠢ ᠠᠷᠡᠳ ᠤᠨ ᠢᠳᠡᠭᠡᠨ ᠣᠮᠳᠠᠭᠠᠨ ᠤ ᠵᠢᠭᠠᠯᠳᠡ 2016︾ ᠲᠤ ᠰᠠᠨᠠᠭᠤᠯᠣᠨᠨᠰᠠᠨ 6 ᠭᠷᠡᠮ ᠠᠴᠠ ᠪᠠᠭ᠎ᠠ ᠪᠠᠶᠢᠬᠤ ᠪᠠᠷᠢᠮᠵᠢᠶ᠎ᠠ ᠠᠴᠠ ᠬᠤᠯᠠ ᠲᠠᠪᠠᠭᠰᠠᠨ ᠪᠠᠶᠢᠨ᠎ᠠ᠃        ᠲᠠᠪᠣᠰᠣ ᠪᠠᠭ᠎ᠠ ᠢᠳᠡᠬᠦ ᠶᠢ ᠶᠠᠷᠢᠬᠤ ᠠᠴᠠ ᠡᠮᠦᠨ᠎ᠡ ᠬᠦᠮᠦᠨ ᠶᠠᠭᠤᠨ ᠳᠤ ᠵᠠᠪᠠᠯ ᠲᠠᠪᠣᠰᠣ ᠢᠳᠡᠳᠡᠭ ᠲᠤᠬᠠᠢ ᠲᠠᠨᠢᠯᠴᠠᠭᠤᠯᠣᠶ᠎ᠠ᠃       ᠲᠠᠪᠣᠰᠣ ᠪᠣᠯ ᠠᠮᠳᠡᠳᠡᠨ ᠤ ᠣᠬᠢ ᠨᠢ᠂ ᠲᠠᠪᠣᠰᠣ ᠦᠭᠡᠢ ᠪᠣᠯ ᠬᠤᠭᠤᠯᠠ ᠪᠣᠳᠠᠭ᠎ᠠ ᠴᠦᠮ ᠠᠮᠳᠡ ᠰᠢᠮᠲᠡ ᠪᠠᠨ ᠠᠯᠳᠠᠨ᠎ᠠ᠃ ᠠᠮᠲᠠ ᠣᠷᠣᠭᠤᠯᠬᠤ ᠠᠴᠠ ᠭᠠᠳᠡᠨ᠎ᠡ᠂ ᠡᠰ ᠤᠨ ᠭᠠᠳᠡᠷ ᠰᠢᠩᠭᠡᠨ ᠤ ᠨᠡᠪᠴᠢᠯᠳᠡ ᠶᠢᠨ ᠲᠠᠷᠣᠯᠳᠡ ᠶᠢ ᠪᠠᠳᠣᠯᠠᠬᠤ᠂ ᠪᠡᠶ᠎ᠡ ᠶᠢᠨ ᠲᠣᠳᠣᠭᠠᠳᠣ ᠶᠢᠨ ᠬᠦᠴᠢᠯ ᠱᠦᠯᠳᠣ ᠶᠢ ᠲᠡᠩᠴᠡᠭᠦᠷᠢᠰᠢᠭᠦᠯᠬᠦ᠂ ᠬᠤᠳᠣᠭᠤᠳᠤᠨ ᠬᠦᠴᠢᠯ ᠢ ᠨᠡᠮᠡᠭᠳᠡᠭᠦᠯᠦᠨ ᠬᠤᠭᠤᠯᠠ ᠲᠣᠷᠠᠰᠢᠯ ᠢ ᠰᠠᠶᠢᠵᠢᠷᠠᠭᠤᠯᠬᠤ ᠵᠡᠷᠭᠡ ᠦᠢᠯᠡᠳᠣᠯ ᠲᠠᠢ ᠪᠠᠶᠢᠵᠦ ᠂ ᠹᠢᠽᠢᠣᠯᠣᠭᠢ ᠶᠢᠨ ᠴᠢᠳᠠᠪᠦᠷᠢ ᠶᠢ ᠪᠠᠳᠣᠯᠠᠬᠤ ᠲᠠᠯ᠎ᠠ ᠪᠠᠷ ᠲᠣᠳ᠋ᠬᠠᠳᠠᠵᠦ ᠪᠣᠯᠣᠰᠢ ᠦᠭᠡᠢ ᠶᠤᠮ᠃        ᠦᠨᠡᠨ ᠳᠡᠭᠡᠨ᠂ ᠠᠮᠢᠳᠡᠨ ᠴᠦ ᠲᠠᠪᠣᠰᠣ ᠬᠡᠷᠡᠭᠰᠡᠳᠡᠭ᠂ ᠣᠯᠠᠩᠭᠢ ᠠᠮᠢᠳᠡᠨ ᠲᠠᠪᠣᠰᠣ ᠬᠤᠵᠢᠷ ᠲᠣᠯᠢᠶᠠᠵᠦ ᠪᠠᠶᠢᠭᠠᠳ ᠲᠠᠪᠣᠰᠣ ᠨᠦᠬᠦᠪᠦᠷᠢᠯᠡᠳᠡᠭ᠃        ᠬᠡᠪ ᠤᠨ ᠪᠠᠶᠢᠳᠡᠯ ᠲᠣᠣᠷ᠎ᠡ᠂ ᠨᠢᠭᠡ ᠬᠦᠮᠦᠨ ᠨᠢᠭᠡ ᠡᠳᠣᠷ ᠲᠤ ᠬᠡᠳᠦᠢ ᠲᠠᠪᠣᠰᠣ ᠡᠳ᠋ᠯᠡᠪᠡᠯ ᠵᠣᠬᠢᠬᠤ ᠪᠣᠢ︖ ᠡᠭᠦᠨ ᠢ ᠣᠯᠠᠩᠭᠢ ᠬᠦᠮᠦᠨ ᠪᠠᠷᠤᠭ ᠬᠡᠮᠵᠢᠵᠦ ᠦᠩᠭᠡᠷᠡᠭᠰᠡᠨ ᠦᠭᠡᠢ ᠪᠠᠶᠢᠬ᠎ᠠ᠃        ︽ᠲᠣᠮᠳᠡᠳᠣ ᠣᠯᠣᠰ ᠤᠨ ᠰᠠᠭᠤᠭᠠᠯᠢ ᠠᠷᠡᠳ ᠤᠨ ᠢᠳᠡᠭᠡᠨ ᠣᠮᠳᠠᠭᠠᠨ ᠤ ᠵᠢᠭᠠᠯᠲᠠ 2016︾ ᠳᠤ᠂ ᠲᠣᠮᠣᠣᠴᠣᠣᠯ ᠡᠳᠣᠷ ᠪᠦᠷᠢ 6 ᠭᠷᠡᠮ ᠠᠴᠠ ᠢᠯᠡᠭᠦᠦ ᠲᠠᠪᠣᠰᠣ ᠡᠳ᠋ᠯᠡᠬᠦ ᠦᠭᠡᠢ ᠪᠠᠶᠢᠪᠠᠯ ᠰᠠᠶᠢᠨ᠂ ᠡᠳᠣᠷ ᠪᠦᠷᠢ ᠲᠠᠪᠣᠰᠣ ᠶᠢ 5  ᠭᠷᠡᠮ ᠤᠨ ᠲᠣᠳᠣᠷ᠎ᠡ ᠡᠳ᠋ᠯᠡᠪᠡᠯ ᠪᠡᠶ᠎ᠡ ᠴᠣᠨᠨᠴᠡ ᠶᠢᠨ ᠬᠡᠷᠡᠭᠴᠡᠭᠡ ᠶᠢ ᠬᠦᠢᠴᠡᠳ ᠬᠠᠩᠭᠠᠵᠦ ᠲᠡᠶᠢᠯᠦᠨ᠎ᠡ ᠭᠡᠵᠦ ᠰᠠᠨᠠᠭᠤᠯᠣᠨᠨᠰᠠᠨ ᠪᠠᠶᠢᠳᠠᠭ᠃        ᠲᠣᠮᠳᠡᠳᠣ ᠣᠯᠣᠰ ᠤᠨ 18 ᠨᠠᠰᠤᠨ ᠤ ᠪᠠ 18 ᠨᠠᠰᠤ ᠠᠴᠠ ᠲᠡᠭᠡᠭᠰᠢᠬᠢ ᠰᠠᠭᠤᠭᠠᠯᠢ ᠠᠷᠡᠳ ᠤᠨ ᠡᠳᠣᠷ ᠪᠦᠷᠢ ᠶᠢᠨ ᠲᠠᠪᠣᠰᠣ ᠡᠳ᠋ᠯᠡᠬᠦ ᠲᠣᠮᠳᠡᠴᠢ ᠬᠡᠮᠵᠢᠶ᠎ᠡ ᠨᠢ 10.5 ᠭᠷᠡᠮ ᠳᠤ ᠬᠦᠷᠴᠦ᠂ ᠰᠠᠨᠠᠭᠤᠯᠣᠨᠨᠰᠠᠨ 6 ᠭᠷᠡᠮ ᠠᠴᠠ 75% ᠪᠠᠷ ᠳᠠᠪᠠᠪᠠ ᠭᠡᠵᠦ ᠵᠢᠭᠠᠵᠦ ᠭᠠᠷᠭᠠᠵᠠᠢ᠃        ᠢᠯᠠᠩᠭᠤᠶ᠎ᠠ ᠵᠠᠷᠢᠮ ᠨᠠᠰᠣᠳᠠᠶᠢᠴᠣᠳ ᠨᠠᠰᠤ ᠠᠬᠢᠵᠦ᠂ ᠠᠮᠳᠡ ᠶᠢᠨ ᠰᠠᠷᠡᠯ ᠨᠢ ᠮᠠᠭᠤᠳ᠋ᠬᠠᠰᠠᠨ ᠠᠴᠠ ᠬᠤᠭᠤᠯᠠ ᠪᠣᠳᠠᠭ᠎ᠠ ᠬᠢᠬᠦ ᠳᠡᠭᠡᠨ ᠲᠠᠪᠣᠰᠤ ᠴᠢᠩᠭ᠎ᠠ ᠬᠢᠳᠡᠭ᠃        ᠲᠠᠪᠣᠰᠣ  ᠶᠢ ᠭᠡᠳᠣ ᠶᠡᠭᠡ ᠡᠳ᠋ᠯᠡᠬᠦ ᠨᠢ ᠶᠠᠮᠡᠷ ᠬᠤᠣᠷ ᠬᠦᠨᠦᠭᠡᠯ ᠲᠠᠢ ᠪᠤᠢ︖ ᠨᠠᠲᠷᠢ ᠢᠶᠦᠨ ᠪᠣᠯ ᠲᠠᠪᠣᠰᠣᠨ ᠤ ᠭᠤᠣᠯ ᠪᠦᠷᠢᠯᠳᠣᠭᠦᠨ ᠤ ᠨᠢᠭᠡ᠂ ᠲᠣᠮᠳᠡᠳᠣ ᠣᠯᠣᠰ ᠤᠨ ᠰᠢᠮ᠎ᠡ ᠲᠡᠵᠢᠭᠡᠯ ᠤᠨ ᠨᠡᠶᠢᠭᠡᠮᠯᠢᠭ ᠠᠴᠠ ᠵᠢᠭᠠᠵᠦ ᠭᠠᠷᠭᠠᠨᠨᠰᠠᠨ ᠨᠢ᠂ ᠬᠦᠮᠦᠨ ᠤ ᠪᠡᠶ᠎ᠡ ᠳᠠᠬᠢ ᠨᠠᠲᠷᠢ ᠶᠢᠨ ᠬᠡᠮᠵᠢᠶ᠎ᠡ ᠠᠨᠨᠳᠠᠬᠤ ᠨᠢ ᠴᠢᠰᠦᠨ ᠲᠠᠷᠣᠯᠳᠡ ᠦᠨᠳᠣᠷᠵᠢᠬᠦ ᠪᠠ ᠵᠢᠷᠦᠬᠡ ᠴᠢᠰᠦᠨ ᠰᠣᠳᠡᠯ ᠤᠨ ᠡᠪᠡᠳᠴᠢᠨ᠂ ᠬᠤᠳᠣᠭᠤᠳᠣᠨ ᠦᠮᠠᠨ ᠵᠡᠷᠭᠡ ᠡᠪᠡᠳᠴᠢᠨ ᠳᠤ ᠨᠡᠷᠪᠡᠭᠳᠡᠬᠦ ᠴᠢᠬᠤᠯᠠ ᠰᠢᠯᠳᠠᠭᠠᠨ ᠪᠣᠯᠵᠦ᠂ ᠨᠢᠭᠡᠨᠳᠡ ᠮᠠᠨ ᠤ ᠣᠯᠣᠰ ᠤᠨ ᠰᠠᠭᠤᠭᠠᠯᠢ ᠠᠷᠡᠳ ᠤᠨ ᠡᠷᠡᠬᠦᠯ ᠮᠡᠨᠳᠣ ᠪᠠ ᠨᠠᠰᠣᠨ ᠬᠤᠳᠤᠭ ᠢ ᠨᠦᠯᠦᠭᠡᠯᠡᠵᠦ ᠪᠠᠶᠢᠭ᠎ᠠ ᠬᠠᠮᠤᠷᠬᠤ ᠬᠡᠪᠴᠢᠶ᠎ᠡ ᠪᠠᠷ ᠦᠷᠭᠡᠨ ᠡᠷᠡᠬᠦᠯ ᠮᠡᠨᠳᠣ ᠶᠢᠨ ᠳᠠᠯᠳᠠ ᠭᠡᠮ ᠪᠣᠯᠣᠨᠨᠰᠠᠨ ᠪᠠᠶᠢᠨ᠎ᠠ᠃        ᠲᠠᠪᠣᠰᠣ ᠡᠳ᠋ᠯᠡᠬᠦ ᠬᠡᠮᠵᠢᠶ᠎ᠡ ᠶᠢ ᠪᠠᠭᠠᠰᠬᠠᠬᠤ ᠨᠢ ᠴᠢᠰᠣᠨ ᠲᠠᠷᠣᠯᠳᠡ ᠶᠢ ᠪᠠᠭᠤᠷᠠᠭᠤᠯᠬᠤ ᠦᠢᠯᠡᠳᠣᠯ ᠲᠠᠢ᠂ ᠬᠦᠮᠦᠨ ᠪᠦᠷᠢ ᠡᠳᠣᠷ ᠲᠤ 6 ᠭᠷᠡᠮ ᠲᠠᠪᠣᠰᠣ ᠳᠣᠲᠠᠭᠤ ᠡᠳ᠋ᠯᠡᠪᠡᠯ᠂ ᠴᠢᠰᠦᠨ ᠲᠠᠷᠣᠯᠳᠡ ᠦᠨᠳᠣᠷᠵᠢᠬᠦ ᠡᠪᠡᠳᠴᠢᠨ ᠳᠤ ᠨᠡᠷᠪᠡᠭᠳᠡᠬᠦ ᠨᠣᠷᠮ᠎ᠠ ᠨᠢ 7 ᠵᠠᠭᠤᠨ ᠤ ᠨᠢᠭᠡᠴᠢ ᠪᠠᠭᠤᠷᠠᠵᠦ᠂ 24% ᠶᠢᠨ ᠲᠢᠲᠢᠮ ᠵᠢᠷᠣᠬᠡᠨ ᠡᠪᠡᠳᠴᠢᠨ ᠢ ᠪᠠᠭᠠᠰᠬᠠᠵᠦ ᠲᠡᠶᠢᠯᠦᠨ᠎ᠡ᠃        ᠮᠠᠨ ᠤ ᠣᠯᠣᠰ ᠢᠶᠠᠷ ᠠᠪᠴᠦ ᠬᠡᠯᠡᠪᠡᠯ᠂ ᠵᠢᠯ ᠪᠦᠷᠢ 36 ᠲᠦᠮᠡᠨ ᠬᠦᠮᠦᠨ ᠢ ᠰᠠ ᠡᠪᠡᠳᠴᠢᠨ ᠪᠠ ᠲᠢᠲᠢᠮ ᠵᠢᠷᠦᠬᠡᠨ ᠡᠪᠡᠳᠴᠢᠨ ᠢᠶᠠᠷ ᠦᠬᠦᠬᠦ ᠠᠴᠠ ᠵᠠᠶᠢᠯᠠᠭᠤᠯᠵᠦ᠂ 150 ᠳ᠋ᠦᠩᠰᠢᠭᠤᠷ ᠲᠦᠭᠦᠷᠢᠭ ᠠᠴᠠ ᠲᠡᠭᠡᠭᠰᠢᠬᠢ ᠰᠢᠭᠤᠳ ᠡᠮᠴᠢᠯᠡᠬᠡᠨ ᠤ ᠦᠪᠡᠷ ᠤᠨ ᠥᠷᠳᠡᠭ ᠢ ᠪᠠᠭᠠᠰᠬᠠᠵᠦ ᠪᠣᠯᠣᠨ᠎ᠠ᠃ ᠪᠦᠬᠦ ᠣᠯᠣᠰ ᠤᠨ ᠴᠢᠰᠦᠨ ᠲᠠᠷᠣᠯᠳᠡ ᠥᠨᠳᠣᠷᠵᠢᠬᠦ ᠡᠪᠡᠳᠴᠢᠨ ᠳᠤ ᠨᠡᠷᠪᠡᠭᠳᠡᠭᠰᠡᠳ ᠤᠨ ᠲᠤᠭ᠎ᠠ ᠶᠢ 3 ᠮᠢᠩᠭᠠᠨ ᠲᠦᠮᠡ ᠪᠠᠭᠠᠰᠬᠠᠵᠦ ᠪᠣᠯᠣᠨ᠎ᠠ                          ᠢᠷᠡᠯᠳᠡ᠄ ᠰᠢᠳᠣᠭᠡᠨ ᠮᠤᠩᠭᠤᠯ ᠲᠠᠪᠴᠠᠩ                      ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠰᠢᠳᠣᠭᠡᠨ ᠮᠤᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号