ᠴᠠᠭᠠᠨ ᠢᠳᠡᠭᠡ ᠴᠢᠰᠦᠨ ᠲᠠᠷᠣᠯᠳᠡ ᠶᠢ ᠪᠠᠭᠤᠷᠠᠭᠤᠯᠵᠦ ᠵᠢᠷᠦᠬᠡ ᠶᠢ ᠬᠠᠮᠠᠭᠠᠯᠠᠨ᠎ᠠ
ᠨᠡᠶᠢᠲᠡᠯᠡᠭᠰᠡᠨ ᠴᠠᠭ᠄
2019-05-22
                              ᠪᠢᠰᠢᠯᠠᠭ ᠢᠳᠡᠬᠦ ᠨᠢ ᠴᠢᠰᠦᠨ ᠲᠠᠷᠣᠯᠳᠡ ᠶᠢ ᠪᠠᠭᠤᠷᠠᠭᠤᠯᠳᠠᠭ        ᠪᠢᠰᠢᠯᠠᠭ ᠠᠷᠪᠢᠨ ᠢᠳᠡᠪᠡᠯ ᠴᠢᠰᠦᠨ ᠲᠠᠷᠣᠯᠳᠡ ᠦᠨᠳᠣᠷᠵᠢᠬᠦ ᠦᠭᠡᠢ ᠪᠣᠯ ᠦᠦ︖ ᠡᠨᠡ ᠠᠰᠠᠭᠤᠯᠳᠡ ᠳᠤ ᠴᠢᠭᠯᠡᠬᠦᠯᠦᠨ ᠠᠮᠧᠷᠢᠺᠠ ᠶᠢᠨ ᠰᠢᠨᠵᠢᠯᠡᠬᠦ ᠣᠬᠠᠭᠠᠨᠳᠡᠳ ᠰᠣᠳᠣᠯᠭᠠᠨ ᠬᠢᠭᠰᠡᠨ ᠤ ᠳ᠋ᠦᠩ ᠳᠤ᠂ ᠴᠠᠭᠠᠨ ᠢᠳᠡᠭᠡ ᠪᠠᠷ ᠳᠠᠮᠵᠢᠭᠤᠯᠣᠨ ᠨᠠᠲᠷᠢ ᠨᠦᠬᠦᠪᠦᠷᠢᠯᠡᠬᠦ ᠨᠢ ᠴᠢᠰᠦᠨ ᠲᠠᠷᠣᠯᠳᠡ ᠶᠢ ᠦᠨᠳᠣᠷᠵᠢᠬᠦᠯᠬᠦ ᠦᠭᠡᠢ ᠪᠦᠭᠡᠳ ᠬᠡᠳᠡᠷᠬᠦ ᠪᠠᠨ ᠵᠢᠷᠦᠬᠡ ᠴᠢᠰᠣᠨ ᠰᠣᠳᠡᠯ ᠢ ᠬᠠᠮᠠᠭᠠᠯᠠᠵᠦ ᠲᠡᠶᠢᠯᠦᠨ᠎ᠡ ᠭᠡᠵᠡᠢ᠃ ᠲᠣᠰᠬᠠᠢ ᠮᠡᠷᠭᠡᠵᠢᠯᠳᠡᠳ 3  ᠡᠳᠣᠷ ᠠᠯᠣᠰᠯᠠᠬᠤ ᠪᠦᠷᠢ ᠰᠠᠶᠢᠨ ᠲᠣᠷᠠᠴᠣᠳ ᠲᠤ ᠦᠨᠢᠶᠡᠨ ᠰᠦ ᠶᠢᠨ ᠪᠢᠰᠢᠯᠠᠭ᠂ ᠲᠠᠪᠣᠰᠣ ᠲᠠᠢ ᠣᠷᠢᠶᠠᠮᠠᠯ ᠪᠣᠭᠤᠷᠰᠤᠭ᠂ ᠰᠢᠷ᠎ᠠ ᠪᠤᠷᠴᠠᠭ ᠤᠨ ᠡᠭᠡᠳᠡᠩ ᠢᠳᠡᠬᠦᠯᠵᠦ᠂ ᠲᠠᠬᠢᠨ ᠣᠨᠴᠠᠭᠠᠢ ᠬᠡᠮᠵᠢᠭᠦᠷᠯᠢᠭ ᠢᠶᠠᠷ ᠲᠡᠳᠡᠭᠡᠷ ᠤᠨ ᠬᠦᠮᠦᠨ ᠤ ᠪᠡᠶ᠎ᠡ ᠳᠠᠬᠢ ᠵᠢᠷᠦᠬᠡ ᠴᠢᠰᠦᠨ ᠰᠣᠳᠡᠯ ᠤᠨ ᠰᠢᠰᠲ᠋ᠧᠮ ᠳᠤ ᠦᠵᠡᠬᠦᠯᠬᠦ ᠨᠦᠯᠦᠭᠡ ᠶᠢ ᠲᠠᠪᠤ ᠤᠳᠠᠭ᠎ᠠ ᠬᠡᠮᠵᠢᠵᠡᠢ᠃       ᠡᠭᠦᠨ ᠤ ᠳ᠋ᠦᠩ ᠳᠤ ᠢᠯᠡᠷᠡᠬᠦᠯᠦᠭᠰᠡᠨ ᠢᠶᠠᠷ᠂ ᠴᠠᠭᠠᠨ ᠢᠳᠡᠭᠡ ᠪᠠᠷ ᠲᠠᠮᠵᠢᠨ ᠬᠦᠮᠦᠨ ᠤ ᠪᠡᠶ᠎ᠡ ᠳᠤ ᠣᠷᠣᠨᠨᠰᠠᠨ ᠨᠠᠲᠷᠢ ᠨᠢ ᠥᠭᠡᠷ᠎ᠡ ᠪᠣᠰᠣᠳ ᠲᠠᠪᠣᠰᠣᠯᠢᠭ ᠪᠣᠳᠡᠰ ᠢᠶᠠᠷ ᠲᠠᠮᠵᠢᠨ ᠣᠷᠣᠨᠨᠰᠠᠨ ᠨᠠᠲᠷᠢ   ᠲᠠᠢ ᠠᠳᠠᠯᠢ ᠪᠣᠰᠦ ᠪᠠᠶᠢᠵᠦ᠂ ᠬᠦᠮᠦᠨ ᠤ ᠵᠢᠷᠦᠬᠡ ᠴᠢᠰᠣᠨ ᠰᠣᠳᠡᠯ ᠳᠤ ᠲᠠᠷᠣᠭᠠᠰᠣ ᠪᠣᠯᠳᠠᠭ ᠦᠭᠡᠢ᠃ ᠡᠨᠡᠬᠦ ᠰᠣᠳᠣᠯᠭᠠᠨ ᠳᠤ ᠣᠷᠣᠯᠴᠬᠠᠰᠠᠨ ᠠᠨᠠᠨ ᠶᠢᠨ ᠬᠡᠯᠡᠬᠦ ᠪᠠᠷ᠂ ᠲᠠᠪᠣᠰᠣ ᠲᠠᠢ ᠣᠷᠢᠶᠠᠮᠠᠯ ᠪᠣᠭᠤᠷᠰᠤᠭ᠂ ᠰᠢᠷ᠎ᠠ ᠪᠤᠷᠴᠠᠭ ᠤᠨ ᠡᠭᠡᠳᠡᠩ ᠵᠡᠷᠭᠡ ᠴᠠᠭᠠᠨ ᠢᠳᠡᠭᠡᠨ ᠤ ᠪᠣᠰᠤ ᠢᠳᠡᠭᠡᠨ ᠢᠳᠡᠭᠰᠡᠨ ᠰᠠᠶᠢᠨ ᠲᠣᠷᠠᠴᠣᠣᠯ ᠲᠠᠢ ᠠᠳᠠᠯᠢᠳᠬᠠᠪᠠᠯ ᠦᠨᠢᠶᠡᠨ ᠰᠦ ᠶᠢᠨ ᠪᠢᠰᠢᠯᠠᠭ ᠢᠳᠡᠭᠰᠡᠨ ᠰᠠᠶᠢᠨ ᠲᠣᠷᠠᠴᠣᠣᠯ ᠤᠨ ᠵᠢᠷᠦᠬᠡ ᠴᠢᠰᠦᠨ ᠰᠣᠳᠡᠯ ᠤᠨ ᠴᠢᠳᠠᠪᠬᠢ ᠨᠢ ᠨᠡᠩ ᠰᠠᠶᠢᠨ ᠴᠢᠰᠦᠨ ᠬᠦᠶᠦᠳᠡᠯ ᠨᠡᠩ ᠢᠯᠭᠤᠮ᠂ ᠰᠣᠳᠡᠯ ᠤᠨ ᠠᠪᠴᠢᠯᠳᠡ ᠲᠠᠯᠠᠯᠳᠡ ᠨᠡᠩ ᠬᠦᠴᠦᠳᠡᠢ ᠪᠠᠶᠢᠯ᠎ᠠ᠃ ᠪᠢᠳᠡᠨ ᠤ ᠦᠵᠡᠬᠦ ᠪᠠᠷ᠂ ᠬᠡᠳᠣᠶᠢᠪᠡᠷ ᠶᠡᠷᠦ ᠳᠡᠭᠡᠨ ᠬᠦᠮᠦᠰ ᠢ ᠲᠠᠪᠣᠰᠣ ᠪᠠᠭ᠎ᠠ ᠢᠳᠡ ᠭᠡᠵᠦ ᠱᠠᠭᠠᠷᠳᠠᠳᠠᠭ ᠪᠣᠯᠪᠠᠴᠦ ᠴᠠᠭᠠᠨ ᠢᠳᠡᠭᠡᠨ ᠢᠶᠠᠷ ᠳᠠᠮᠵᠢᠭᠤᠯᠤᠨ ᠨᠠᠲᠷᠢ  ᠨᠦᠬᠦᠪᠦᠷᠢᠯᠡᠬᠦ ᠨᠢ ᠬᠡᠳᠡᠷᠬᠦ ᠪᠠᠨ ᠬᠠᠷᠢᠨ ᠵᠢᠷᠦᠬᠡ ᠴᠢᠰᠦᠨ ᠰᠣᠳᠡᠯ ᠢ ᠬᠠᠮᠠᠭᠠᠯᠠᠵᠦ ᠴᠢᠳᠠᠳᠠᠭ ᠪᠠᠶᠢᠯ᠎ᠠ᠃                                                                        ᠢᠷᠡᠯᠳᠡ᠄  ᠰᠢᠳᠣᠭᠡᠨ ᠮᠤᠩᠭᠤᠯ ᠲᠠᠪᠴᠠᠩ                              ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠰᠢᠳᠣᠭᠡᠨ ᠮᠤᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号