ᠬᠠᠭᠤᠴᠢᠷᠬᠠᠰᠠᠨ ᠬᠠᠯᠠᠭᠤᠨ ᠤ ᠵᠠᠰᠠᠯᠭ᠎ᠠ
ᠨᠡᠶᠢᠲᠡᠯᠡᠭᠰᠡᠨ ᠴᠠᠭ᠄
2019-05-16
      ᠬᠠᠭᠤᠴᠢᠷᠬᠠᠰᠠᠨ ᠬᠠᠯᠠᠭᠤᠨ ᠭᠡᠳᠡᠭ ᠨᠢ ᠬᠠᠯᠠᠭᠤᠨ ᠣᠳᠠᠭᠠᠰᠢᠷᠬᠠᠰᠠᠨ ᠢ ᠬᠡᠯᠡᠨ᠎ᠡ᠃ ᠰᠢᠨᠵᠢ᠄ ᠬᠠᠭᠤᠴᠢᠷᠬᠠᠰᠠᠨ ᠬᠠᠯᠠᠭᠤᠨ ᠤ ᠶᠡᠷᠦᠩᠭᠡᠢ ᠰᠢᠨᠵᠢ ᠨᠢ ᠨᠢᠭᠤᠷ ᠲᠣᠰᠣᠷᠬᠠᠳᠠᠭ᠂ ᠰᠣᠳᠡᠯ ᠨᠢ ᠨᠠᠷᠢᠨ ᠡᠷᠴᠢᠮᠳᠡᠢ ᠯᠣᠨᠨᠰᠢᠨ᠎ᠠ᠃ ᠰᠢᠭᠡᠰᠦᠨ ᠤ ᠦᠩᠭᠡ ᠨᠢ ᠣᠯᠠᠭᠠᠨ᠂ ᠦᠶ᠎ᠡ ᠦᠶ᠎ᠡ ᠰᠢᠷ᠎ᠠ ᠦᠰᠦ ᠪᠣᠰᠴᠦ ᠪᠡᠶ᠎ᠡ ᠬᠦᠨᠳᠦᠷᠡᠬᠦ᠂ ᠠᠮᠠ ᠵᠠᠪᠠᠭᠠᠷᠠᠬᠤ᠂ ᠲᠠᠨ ᠲᠠᠩᠨᠠᠢ ᠶᠢᠨ ᠤᠭ ᠲᠤ ᠬᠠᠳᠠᠵᠦ ᠬᠦᠰᠢᠬᠦ᠂ ᠨᠢᠳᠦ ᠣᠯᠠᠶᠢᠵᠦ ᠡᠪᠡᠳᠬᠦ᠂ ᠨᠢᠯᠪᠦᠰᠦ ᠴᠣᠪᠣᠷᠠᠬᠤ ᠂ ᠪᠡᠶ᠎ᠡ ᠶᠢᠨ ᠮᠢᠬ᠎ᠠ ᠬᠦᠬᠡᠷᠡᠵᠦ ᠬᠠᠳᠠᠭᠠᠳ ᠦᠴᠦᠬᠡᠨ ᠬᠠᠭ ᠲᠣᠨᠨᠳᠠᠬᠤ᠂ ᠲᠣᠲᠣᠷ ᠠᠴᠠ ᠪᠠᠨ ᠬᠦᠢᠳᠡᠨ ᠢ ᠬᠦᠰᠡᠬᠦ ᠂ ᠰᠡᠬᠦᠳᠡᠷ ᠭᠠᠵᠡᠷ ᠲᠤ ᠲᠠᠭᠠᠳᠡᠢ᠂ ᠴᠡᠭᠡᠵᠢᠨ ᠪᠡᠶ᠎ᠡ ᠡᠪᠡᠳᠴᠦ ᠬᠠᠯᠠᠭᠤᠷᠠᠬᠤ᠂ ᠠᠭᠤᠰᠬᠢ ᠵᠢᠷᠦᠬᠡ ᠲᠣᠯᠬᠢᠰᠴᠦ ᠠᠮᠠᠷᠬᠠᠨ ᠬᠦᠯᠦᠰᠦ ᠭᠠᠷᠬᠤ᠂ ᠲᠣᠣᠷ᠎ᠡ ᠪᠡᠶ᠎ᠡ ᠦᠶ᠎ᠡ ᠭᠡᠰᠢᠬᠦᠦ ᠬᠦᠨᠳᠣᠷᠡᠬᠦ᠂ ᠢᠯᠠᠩᠭᠤᠶ᠎ᠠ ᠦᠳᠡ ᠪᠠ ᠪᠦᠷᠦᠢ ᠳᠤ ᠡᠪᠡᠳᠬᠦ᠂ ᠨᠣᠶᠢᠷ ᠶᠡᠬᠡᠳᠴᠦ᠂ ᠬᠠᠯᠠᠭᠤᠨ ᠰᠢᠮ᠎ᠡ ᠲᠠᠢ ᠶᠢ ᠢᠳᠡᠪᠡᠯ ᠡᠪᠡᠳᠦᠨ᠎ᠡ᠃ ᠮᠡᠷᠭᠡᠳ ᠡᠭᠦᠨ ᠢ ᠶᠡᠷᠦᠩᠭᠡᠢ ᠰᠢᠨᠵᠢ ᠪᠠᠷ ᠪᠠᠷᠢᠳᠠᠭ᠃ ᠪᠠᠰᠠ ᠠᠮᠠ ᠭᠠᠰᠢᠭᠤᠷᠠᠬᠤ᠂ ᠦᠰᠦ ᠵᠢᠷᠢᠢᠬᠦ᠂ ᠣᠷᠣᠭᠤᠯ ᠬᠢᠭᠡᠳ ᠰᠢᠳᠦᠨ ᠬᠠᠭ ᠲᠣᠨᠨᠳᠠᠬᠤ᠂ ᠬᠦᠷᠡᠭᠡᠨ ᠰᠣᠳᠡᠯ ᠭᠦᠷᠡᠶᠢᠨ᠎ᠡ᠃        ᠵᠠᠰᠠᠬᠤ ᠠᠷᠠᠭ᠎ᠠ᠄  ᠢᠳᠡᠭᠡᠨ ᠨᠢ ᠬᠦᠷᠦᠭᠡᠰᠦᠨ ᠤ ᠮᠢᠬ᠎ᠠ᠂ ᠦᠬᠡᠷ ᠤᠨ ᠮᠢᠬ᠎ᠠ᠂ ᠦᠨᠢᠶ᠎ᠡ ᠢᠮᠠᠭᠠᠨ ᠤ ᠲᠠᠷᠠᠭ ᠠᠶᠢᠷᠠᠭ᠂ ᠰᠢᠨ᠎ᠡ ᠲᠣᠰᠣ᠂ ᠬᠠᠭᠤᠴᠢᠨ ᠠᠷᠪᠠᠢ ᠶᠢᠨ ᠭᠤᠯᠢᠷ ᠵᠡᠷᠭᠡ ᠶᠢ ᠬᠡᠮᠵᠢᠶ᠎ᠡ ᠶᠣᠰᠣᠭᠠᠷ ᠦᠭᠭᠦᠨ᠎ᠡ᠃ ᠡᠮ ᠨᠢ ᠠᠩᠬ᠎ᠠ ᠬᠠᠭᠤᠴᠢᠷᠬᠠᠰᠠᠨ ᠬᠠᠯᠠᠭᠤᠨ ᠲᠠᠷᠬᠠᠨᠨᠰᠠᠨ ᠳᠤ ᠪᠠᠷᠠᠶᠢᠪᠦ —3᠂ ᠰᠧᠩᠳ᠋ᠸᠡᠭ᠂ ᠪᠣᠶᠢᠭᠠᠷ᠂ ᠯᠢᠳᠡᠷᠢ᠂ ᠳ᠋ᠢᠭᠳᠡ ᠶᠢᠨ ᠬᠦᠢᠳᠡᠨ ᠲᠠᠩ ᠢ ᠲᠠᠪᠦ ᠠᠴᠠ ᠲᠣᠯᠣᠭᠠᠨ ᠬᠤᠨᠤᠭ ᠦᠭᠴᠦ ᠬᠤᠷᠢᠶᠠᠭᠠᠳ᠂ ᠰᠠᠪᠠᠨ ᠳᠤ ᠪᠠᠭᠤᠨᠨᠰᠠᠨ ᠪᠣᠯ ᠲᠣᠭᠤᠯᠭᠠᠨ᠎ᠠ᠃ ᠰᠣᠳᠡᠯ ᠳᠤ ᠪᠠᠭᠤᠨᠨᠰᠠᠨ ᠢ ᠬᠠᠨᠠᠨ᠎ᠠ᠃ ᠬᠠᠯᠠᠭᠤᠨ ᠤ ᠰᠢᠨᠵᠢ ᠨᠢ ᠠᠷᠪᠢᠳᠴᠦ ᠲᠡᠭᠵᠢᠷᠡᠬᠦ ᠦᠭᠡᠢ ᠪᠣᠯ ᠪᠠᠷᠠᠶᠢᠪᠣᠰᠦ᠋ᠮ᠂ ᠪᠠᠷᠬᠠᠱᠦ᠋ᠨ ᠤ ᠰᠡᠷᠢᠭᠦᠨ ᠲᠠᠩ ᠢ ᠥᠭ᠂ ᠲᠡᠭᠡᠭᠡᠳ ᠭᠠᠪᠣᠷ᠂ ᠯᠠᠳᠣᠣ ᠶᠢᠨ ᠨᠠᠶᠢᠷᠠᠯᠭ᠎ᠠ ᠬᠢᠭᠡᠳ ︽ᠦᠨᠳᠣᠰᠣᠨ︾ ᠭᠡᠬᠦ ᠨᠣᠮ ᠳᠤ ᠬᠡᠯᠡᠭᠰᠡᠨ ᠢᠶᠠᠷ ᠭᠠᠪᠣᠷ —25 ᠢ ᠥᠭᠴᠦ ᠰᠡᠭᠦᠯᠡᠷ ᠨᠢ ᠲᠠᠪᠦᠨ ᠷᠠᠰᠢᠶᠠᠨ ᠤ ᠠᠭᠤᠷ ᠤᠨ ᠲᠡᠪᠳᠡᠭᠡᠯᠭᠡ ᠦᠢᠯᠡᠳᠦᠭᠡᠳ ᠬᠤᠨᠢᠨ ᠵᠣᠩᠬᠠᠭ ᠢ ᠪᠣᠴᠠᠯᠭᠠᠨᠨᠰᠠᠨ ᠰᠢᠭᠦᠰᠦ ᠶᠢ ᠱᠠᠪᠰᠢᠪᠠᠯ ᠬᠠᠭᠤᠴᠢᠷᠬᠠᠰᠠᠨ ᠪᠣᠳᠤᠭ ᠮᠡᠲᠦ ᠰᠢᠨᠦᠨᠨᠰᠠᠨ ᠢ ᠬᠠᠭᠤᠯᠤᠨ᠎ᠠ᠂ ᠡᠭᠦᠨ ᠢᠶᠠᠷ ᠪᠠᠰᠠ ᠲᠡᠭᠵᠢᠷᠡᠬᠦ ᠦᠭᠡᠢ ᠪᠣᠯ ︽ᠬᠤᠶᠢᠳᠦ ᠦᠨᠳᠣᠰᠣᠨ︾ ᠭᠡᠬᠦ ᠨᠣᠮ ᠳᠤ ᠦᠷᠬᠦᠯᠵᠢ ᠶᠢᠨ ᠲᠣᠭᠤᠯᠭ᠎ᠠ ᠥᠭ ᠭᠡᠪᠡ᠃ ᠬᠠᠭᠤᠴᠢᠷᠬᠠᠰᠠᠨ ᠬᠠᠯᠠᠭᠤᠨ ᠢ ᠲᠣᠭᠤᠯᠭᠠᠵᠦ ᠠᠷᠢᠯᠭᠠᠨ᠎ᠠ᠃ ᠡᠭᠦᠨ ᠢᠶᠠᠷ ᠲᠠᠷᠣᠨᠨᠳᠠᠬᠤ ᠦᠭᠡᠢ ᠪᠣᠯ ᠬᠡᠢ ᠶᠢ ᠲᠠᠷᠤᠬᠤ ᠨᠠᠶᠢᠷᠠᠯᠭ᠎ᠠ ᠶᠢ ᠥᠭ᠃ ᠡᠴᠦᠰ ᠰᠡᠬᠦᠯ ᠳᠤᠨᠢ ᠬᠤᠤᠷᠳᠣ ᠮᠣᠭᠠᠢ ᠶᠢᠨ ᠦᠨᠳᠣᠰᠣ ᠶᠢ ᠲᠠᠰᠣᠯᠬᠤ ᠳᠤ ᠪᠠᠷᠠᠶᠢᠪᠣᠰᠦ᠋ᠮ᠂ ᠰᠠᠷᠠᠳᠭᠠᠷ᠂ ᠶᠡᠷᠦᠩᠭᠡᠢ ᠰᠡᠷᠢᠭᠦᠨ ᠡᠮ᠂ ᠪᠠᠩᠪᠣᠢ᠂ ᠷᠦᠳᠡ᠂ ᠪᠣᠶᠢᠭᠠᠷ ᠨᠠᠢᠮᠠ ᠶᠢ ᠦᠷ ᠤᠨ ᠦᠶ᠎ᠡ ᠳᠤ ᠣᠯᠠᠭᠠᠨ ᠨᠣᠶᠢᠯ ᠤᠨ ᠰᠢᠭᠦᠰᠦ ᠪᠠᠷ ᠲᠠᠷᠣᠭᠤᠯᠵᠦ ᠥᠭᠬᠦᠨ᠎ᠡ᠃ ᠲᠡᠭᠡᠭᠡᠳ ᠵᠣᠵᠠᠭᠠᠨ ᠬᠤᠪᠴᠠᠰᠣ ᠡᠮᠦᠰᠭᠡᠨ ᠬᠦᠯᠦᠰᠦ ᠭᠠᠷᠭᠠᠨ᠎ᠠ᠃ ᠡᠭᠦᠨ ᠢᠶᠠᠷ ᠪᠠᠭ᠋ᠠᠨ ᠠᠮᠣᠷᠯᠢᠬᠤ ᠰᠢᠭ᠋ ᠪᠣᠯᠪᠠᠯ ᠬᠠᠭᠠᠰ ᠰᠠᠷ᠎ᠠ ᠠᠷᠪᠠ ᠬᠤᠨᠤᠭ ᠢᠶᠠᠷ ᠢᠳᠡᠭᠡᠨ ᠤ ᠬᠡᠮᠵᠢᠶ᠎ᠡ ᠶᠢ ᠬᠠᠰᠣᠨ᠎ᠠ᠃ ᠭᠠᠪᠣᠷ —25 ᠪᠣᠶᠣ ᠯᠠᠳᠣᠣ ᠶᠢᠨ ᠡᠮ ᠢ ᠣᠳᠠᠭᠠᠨ ᠢᠳᠡᠭᠦᠯ᠂ ᠨᠣᠣᠰᠤ ᠶᠢ ᠪᠣᠴᠠᠯᠭᠠᠨᠨᠰᠠᠨ ᠤᠰᠤ ᠶᠢ ᠬᠠᠶᠠ ᠨᠢᠭᠡ ᠱᠠᠪᠰᠢᠨ᠎ᠠ᠃                                       ᠢᠷᠡᠯᠳᠡ᠄  ᠠᠷᠡᠳ ᠤᠨ ᠰᠦᠯᠵᠢᠶ᠎ᠡ                           ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠠᠷᠡᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号