ᠣᠶᠢᠷ᠎ᠡ ᠬᠠᠷᠠᠭ᠎ᠠ ᠶᠢ ᠰᠡᠷᠭᠡᠶᠢᠯᠡᠬᠦ ᠠᠷᠭ᠎ᠠ
ᠨᠡᠶᠢᠲᠡᠯᠡᠭᠰᠡᠨ ᠴᠠᠭ᠄
2019-05-16
       ᠣᠶᠢᠷ᠎ᠡ ᠬᠠᠷᠠᠭ᠎ᠠ ᠪᠣᠯ ᠣᠳᠣᠬᠠᠨ ᠤ ᠵᠠᠯᠠᠭᠤᠴᠣᠳ ᠪᠠᠭᠠᠴᠣᠳ ᠲᠤ ᠲᠣᠯᠭᠠᠷᠠᠵᠦ ᠪᠠᠶᠢᠭ᠎ᠠ ᠡᠷᠡᠬᠦᠯ ᠮᠡᠨᠳᠣ ᠶᠢᠨ ᠠᠰᠠᠭᠤᠳᠡᠯ ᠪᠣᠯᠣᠨ᠎ᠠ᠃ ᠬᠢᠴᠢᠶᠡᠯ ᠰᠣᠷᠣᠯᠭ᠎ᠠ ᠶᠢᠨ ᠲᠠᠷᠣᠭᠠᠰᠣ ᠬᠦᠨᠳᠣ᠂ ᠣᠶᠣᠨᠳᠣ ᠭᠠᠷ ᠣᠳᠠᠰᠣᠨ ᠤ ᠲᠦᠭᠡᠮᠡᠯᠵᠢᠯᠳᠡ ᠵᠡᠷᠭᠡ ᠨᠢ ᠪᠦᠷ ᠣᠶᠢᠷ᠎ᠡ ᠬᠠᠷᠠᠭ᠎ᠠ ᠪᠣᠯᠬᠤ ᠠᠶᠤᠯ ᠢ ᠨᠡᠮᠡᠭᠳᠡᠬᠦᠯᠵᠦ ᠪᠠᠶᠢᠨ᠎ᠠ᠃ ᠠᠳᠡ ᠡᠳᠣᠷ ᠲᠣᠳᠦᠮ ᠠᠩᠬᠠᠷᠣᠯ ᠳᠠᠭᠠᠨ ᠠᠪᠣᠮᠠᠷ ᠬᠡᠳᠦᠨ ᠨᠢᠳᠣ ᠪᠠᠨ ᠬᠠᠮᠠᠭᠠᠯᠠᠬᠤ ᠠᠷᠭ᠎ᠠ ᠶᠢ ᠲᠠᠨᠢᠯᠴᠠᠭᠤᠯᠣᠶ᠎ᠠ᠃        ᠲᠥᠪ ᠰᠠᠭᠤᠨ᠎ᠠ        ᠬᠢᠴᠢᠶᠡᠯ ᠰᠣᠷᠣᠯᠭ᠎ᠠ᠂ ᠰᠠᠭᠤᠳᠡᠯ ᠤᠨ ᠠᠵᠢᠯ ᠳᠤ ᠰᠢᠮᠳᠡᠵᠦ ᠪᠠᠶᠢᠭ᠎ᠠ ᠬᠦᠮᠦᠰ ᠲᠥᠪ ᠰᠠᠭᠤᠬᠤ ᠶᠢ ᠠᠩᠬᠠᠷᠴᠦ᠂ ᠬᠦᠵᠦᠬᠦᠦ ᠰᠡᠭᠡᠷ᠂ ᠨᠢᠷᠣᠭᠤ᠂ ᠬᠥᠯ ᠭᠠᠷ ᠬᠦᠰᠢᠵᠦ ᠴᠢᠨᠦᠬᠦ᠂ ᠨᠢᠳᠣ ᠶᠠᠳᠠᠷᠠᠬᠤ ᠠᠴᠠ ᠵᠠᠯᠠᠰᠬᠢᠪᠠᠯ ᠵᠣᠬᠢᠨ᠎ᠠ᠃        ᠦᠷᠬᠦᠯᠵᠢ ᠨᠢᠳᠣ ᠪᠠᠨ ᠴᠠᠪᠴᠢᠯᠠᠨ᠎ᠠ        ᠬᠦᠮᠦᠰ ᠺᠣᠮᠫᠢᠦ᠋ᠲ᠋ᠧᠷ ᠲᠡᠭᠡᠷ᠎ᠡ ᠠᠵᠢᠯᠯᠠᠬᠤ ᠳᠠᠭᠠᠨ ᠪᠦᠷ ᠨᠢᠳᠣ ᠪᠠᠨ ᠴᠠᠪᠴᠢᠬᠤ ᠪᠠᠨ ᠮᠠᠷᠳᠠᠴᠢᠬᠠᠳᠠᠭ ᠰᠢᠭ᠋ ᠬᠠᠷᠬᠠᠳᠠᠳᠠᠭ᠃ ᠡᠨᠡ ᠨᠢ ᠨᠢᠯᠪᠦᠰᠦᠨ ᠤ ᠨᠢᠳᠦ ᠶᠢ ᠴᠢᠬᠢᠭᠳᠦᠬᠦᠯᠵᠦ ᠭᠤᠯᠭᠤᠮᠠᠳᠠᠭᠠᠢ ᠪᠣᠯᠭᠠᠬᠤ ᠦᠢᠯᠡᠳᠦᠯ ᠢ  ᠨᠢ ᠪᠠᠭᠤᠷᠠᠭᠤᠯᠳᠠᠭ᠃ ᠲᠡᠶᠢᠮᠦ ᠠᠴᠠ ᠦᠷᠬᠦᠯᠵᠢ ᠨᠢᠳᠣ ᠪᠠᠨ ᠴᠠᠪᠴᠢᠯᠠᠵᠦ ᠪᠠᠶᠢᠬᠤ ᠶᠢ ᠠᠩᠬᠠᠷ᠃ ᠣᠷᠳᠣ ᠬᠤᠭᠤᠴᠠᠭ᠎ᠠ ᠪᠠᠷ ᠺᠣᠮᠫᠢᠦ᠋ᠲ᠋ᠧᠷ ᠲᠡᠭᠡᠷ᠎ᠡ ᠠᠵᠢᠯᠯᠠᠳᠠᠭ ᠬᠦᠮᠦᠰ ᠵᠣᠬᠢᠶᠠᠮᠠᠯ ᠨᠢᠯᠪᠦᠰᠦ ᠬᠡᠷᠡᠭᠯᠡᠭᠰᠡᠨ ᠴᠦ ᠪᠣᠯᠣᠨ᠎ᠠ᠃        ᠨᠢᠳᠦᠨ ᠲᠠᠮᠢᠷ ᠬᠢᠵᠦ ᠨᠢᠳᠦᠨ ᠤ ᠶᠠᠳᠠᠷᠠᠭ᠎ᠠ ᠶᠢ ᠲᠠᠶᠢᠯᠦᠨ᠎ᠠ        ᠣᠷᠢᠳᠠᠪᠡᠷ 5 ᠮᠧᠲᠷ ᠤᠨ ᠬᠠᠷᠠᠯᠳᠡ ᠶᠢ ᠬᠠᠭᠠᠰ ᠮᠢᠨᠦ᠋ᠲ ᠬᠠᠷᠠᠵᠦ᠂ ᠨᠢᠳᠣᠨᠣᠨ ᠤ ᠪᠣᠯᠴᠢᠩ ᠢ ᠰᠣᠯᠠᠷᠠᠭᠤᠯᠵᠦ ᠪᠣᠯᠣᠷᠯᠢᠭ ᠴᠣᠨᠨᠴᠡ ᠶᠢ ᠲᠡᠭᠰᠢ ᠪᠣᠯᠭᠠᠨ᠎ᠠ᠂ ᠲᠠᠷᠠᠭ᠎ᠠ ᠨᠢ 30 ᠰᠡᠨᠲ᠋ᠢᠮᠧᠲᠷ ᠤᠨ ᠬᠠᠷᠠᠯᠳᠡ ᠶᠢ ᠬᠠᠷᠠᠵᠦ ᠨᠢᠳᠦᠨ ᠪᠣᠯᠴᠢᠩ ᠢ ᠴᠠᠩᠭᠠᠷᠠᠭᠤᠯᠣᠨ᠂ ᠪᠣᠯᠣᠷᠯᠢᠭ ᠴᠣᠨᠨᠴᠡ ᠶᠢ ᠵᠣᠵᠠᠭᠠᠨ ᠪᠣᠯᠭᠠᠨ᠎ᠠ᠃ ᠬᠤᠯᠡ ᠶᠢ ᠬᠠᠷᠠᠬᠤ ᠪᠠ ᠣᠶᠢᠷ᠎ᠡ ᠶᠢ ᠬᠠᠷᠠᠬᠤ ᠶᠢ ᠡᠭᠡᠯᠵᠢᠯᠡᠭᠦᠯᠦᠨ᠂ ᠤᠳᠠᠭ᠎ᠠ ᠪᠣᠯᠭᠠᠨ 10—15 ᠮᠢᠨᠦ᠋ᠲ᠂ ᠡᠳᠣᠷ ᠲᠤ 3—4 ᠤᠳᠠᠭ᠎ᠠ ᠬᠢᠨ᠎ᠡ᠃ ᠡᠶᠢᠮᠦ ᠲᠠᠮᠢᠷ ᠬᠢᠪᠡᠯ ᠨᠢᠳᠦᠨ ᠤ ᠹᠢᠽᠢᠣᠯᠣᠭᠢ ᠶᠢᠨ ᠵᠣᠬᠢᠴᠠᠭᠤᠯᠭ᠎ᠠ ᠶᠢᠨ ᠴᠢᠳᠠᠪᠦᠷᠢ ᠶᠢ ᠰᠠᠶᠢᠵᠢᠷᠠᠭᠤᠯᠵᠦ᠂ ᠨᠢᠳᠦᠨ ᠬᠠᠷᠠᠭ᠎ᠠ ᠪᠠᠨ ᠬᠠᠮᠠᠭᠠᠯᠠᠬᠤ ᠵᠣᠷᠢᠯᠭ᠎ᠠ ᠳᠠᠭᠠᠨ ᠬᠦᠷᠴᠦ ᠪᠣᠯᠳᠠᠭ᠃       ᠨᠢᠳᠦ ᠶᠢ ᠬᠠᠮᠠᠭᠠᠯᠠᠳᠠᠭ ᠥᠩᠭᠡ       ᠨᠣᠭᠤᠭᠠᠨ ᠦᠩᠭᠡ ᠨᠢ ᠬᠡᠣᠬᠡᠳ ᠪᠠᠭᠠᠴᠣᠳ ᠤᠨ ᠨᠢᠳᠦᠨ ᠤ ᠡᠷᠡᠬᠦᠯ ᠮᠡᠨᠳᠣ ᠳᠤ ᠲᠣᠰᠠᠳᠡᠢ ᠪᠠᠶᠢᠳᠠᠭ᠃ ᠣᠯᠠᠭᠠᠨ ᠰᠢᠷ᠎ᠠ ᠦᠩᠭᠡᠨ ᠤ ᠣᠶᠢᠯᠳᠡ ᠨᠢ ᠬᠤᠷᠴᠡ᠂ ᠨᠢᠳᠦᠨ ᠳᠤ ᠥᠭᠬᠦ ᠰᠡᠳᠡᠯᠳᠡ ᠨᠢ ᠶᠡᠭᠡ ᠪᠠᠶᠢᠳᠠᠭ᠃ ᠨᠣᠭᠤᠭᠠᠨ ᠥᠩᠭᠡ ᠶᠢᠨ ᠣᠶᠢᠯᠳᠡ ᠨᠢ ᠲᠣᠮᠳᠡ ᠵᠡᠷᠭᠡ ᠶᠢᠨ ᠪᠠᠶᠢᠵᠦ᠂ ᠬᠦᠮᠦᠨ ᠤ ᠮᠡᠳᠡᠷᠡᠯ ᠤᠨ ᠰᠢᠰᠲ᠋ᠧᠮ᠂ ᠲᠠᠷᠢᠬᠢᠨ ᠤ ᠪᠣᠷᠣ ᠲᠠᠪᠬᠤᠷᠭ᠎ᠠ ᠪᠠ ᠨᠢᠳᠣᠨ ᠤ ᠲᠣᠣᠷᠯᠢᠭ ᠪᠦᠷᠭᠦᠪᠴᠢ ᠳᠤ ᠬᠡᠳᠦ ᠴᠢᠩᠭ᠎ᠠ ᠰᠡᠳᠡᠯᠳᠡ ᠥᠭᠳᠡᠭ ᠦᠭᠡᠢ᠃ ᠡᠭᠦᠨ ᠠᠴᠠ ᠭᠠᠳᠡᠨ᠎ᠡ᠂ ᠨᠣᠭᠤᠭᠠᠨ ᠦᠩᠭᠡᠳᠦ ᠣᠷᠭᠤᠮᠠᠯ ᠨᠢ ᠬᠤᠷᠴᠡ ᠭᠡᠷᠡᠯ ᠤᠨ ᠨᠢᠳᠦᠨ ᠳᠤ ᠥᠭᠬᠦ ᠴᠢᠩᠭ᠎ᠠ ᠰᠡᠳᠡᠯᠳᠡ ᠶᠢ ᠨᠠᠮᠳᠠᠭᠤᠯᠳᠠᠭ ᠢᠶᠠᠷ ᠪᠠᠷᠠᠬᠤ ᠦᠭᠡᠢ᠂ ᠨᠢᠳᠦᠨ ᠳᠤ ᠬᠤᠬᠢᠷᠠᠭᠤᠯᠣᠯ ᠣᠴᠠᠷᠠᠭᠤᠯᠳᠠᠭ ᠭᠦᠷᠢᠨ ᠤ ᠭᠠᠳᠠᠨᠠᠬᠢ ᠲᠣᠶᠠᠭ᠎ᠠ ᠶᠢ ᠰᠢᠩᠭᠡᠭᠡᠨ ᠠᠪᠬᠤ ᠦᠢᠯᠡᠳᠣᠯ ᠲᠠᠢ᠃                          ᠢᠷᠡᠯᠳᠡ᠄  ᠲᠣᠮᠳᠡᠳᠣ ᠣᠯᠣᠰ ᠤᠨ ᠮᠣᠩᠭᠤᠯ ᠬᠡᠯᠡᠨ ᠤ                                     ᠰᠣᠨᠢᠨ ᠮᠡᠳᠡᠭᠡ ᠶᠢᠨ ᠰᠦᠯᠵᠢᠶ᠎ᠡ                          ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠲᠣᠮᠳᠡᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号