ᠣᠷᠲᠦ ᠨᠠᠰᠣᠯᠠᠬᠤ ᠶᠢᠨ ᠨᠢᠭᠤᠴᠠ ᠵᠣᠷ ᠨᠢ ᠶᠠᠭᠤ ᠪᠣᠯᠬᠤ ᠪᠤᠢ︖
ᠨᠡᠶᠢᠲᠡᠯᠡᠭᠰᠡᠨ ᠴᠠᠭ᠄
2019-04-09
       ᠠᠭᠤᠴᠢᠯᠠᠯ ᠪᠣᠯ ᠡᠷᠡᠬᠦᠯ ᠡᠩᠬᠡ ᠶᠢᠨ ᠠᠯᠳᠡᠨ ᠲᠦᠯᠬᠢᠬᠦᠷ᠂ ᠬᠡᠵᠢᠶᠡᠳᠡ ᠢᠨᠢᠶᠡᠳᠣ ᠪᠠᠶᠠᠰᠣᠯ ᠲᠠᠢ ᠪᠠᠶᠢᠬᠤ ᠨᠢ ᠠᠭᠤᠴᠢᠯᠠᠯ ᠤᠨ ᠨᠢᠭᠡ ᠵᠦᠢᠯ ᠤᠨ ᠢᠯᠡᠷᠡᠯ᠂ ᠠᠮᠢᠳᠣᠷᠡᠯ ᠤᠨ ᠵᠣᠯ ᠵᠢᠷᠭᠠᠯ ᠤᠨ ᠰᠠᠶᠢᠨ ᠡᠮ᠂ ᠪᠣᠰᠣᠳ ᠢ ᠠᠭᠤᠴᠢᠯᠠᠬᠤ ᠨᠢ ᠬᠠᠮᠢᠭ᠎ᠠ ᠶᠠᠪᠤᠨᠨᠰᠠᠨ ᠴᠦ ᠬᠠᠪᠣᠷ ᠴᠠᠭ ᠡᠶᠡᠪᠡᠷᠬᠦᠦ ᠳᠣᠯᠠᠭᠠᠨ ᠰᠠᠯᠬᠢᠨ ᠢ ᠠᠪᠴᠢᠷᠠᠳᠠᠭ᠃        ᠣᠷᠳᠣ ᠨᠠᠰᠣᠯᠠᠬᠤ ᠲᠠᠳᠬᠠᠯ ᠤᠨ ᠲᠤᠬᠠᠢ ᠭᠡᠪᠡᠯ᠄        ᠨᠢᠭᠡ ᠡᠳᠣᠷ 6 ᠴᠠᠭ ᠭᠠᠷᠤᠢ ᠣᠨᠳᠠᠵᠦ ᠠᠮᠠᠷᠠᠨ᠎ᠠ᠃        ᠨᠢᠭᠡ ᠡᠳᠣᠷ ᠣᠶᠣᠨ ᠰᠠᠨᠠᠭ᠎ᠠ ᠲᠡᠭᠦᠯᠳᠡᠷ ᠢᠶᠠᠷ 10 ᠴᠠᠭ ᠠᠴᠠ ᠲᠡᠭᠡᠭᠰᠢ ᠠᠵᠢᠯᠯᠠᠨ᠎ᠠ᠃        ᠪᠣᠰᠣᠳ ᠲᠤ ᠠᠭᠤᠳᠠᠮᠴᠢ᠂ ᠠᠵᠢᠯᠴᠢ ᠰᠢᠳᠣᠷᠭᠤ ᠪᠠᠶᠡᠷ ᠪᠠᠶᠠᠰᠣᠯ ᠲᠠᠢ᠂ ᠠᠮᠢᠰᠬᠤᠯ ᠤᠨ ᠲᠠᠮᠢᠷ ᠪᠣᠯᠪᠠᠰᠣᠷᠠᠨ᠎ᠠ᠂ ᠣᠰᠣᠨ ᠳᠤ ᠣᠮᠪᠠᠨ᠎ᠠ᠂ ᠡᠳᠣᠷ ᠪᠦᠷᠢ 5  ᠮᠢᠩᠭᠠᠨ ᠠᠯᠬᠤᠮ ᠠᠯᠬᠤᠨ᠎ᠠ᠂ ᠢᠳᠡᠵᠦ ᠣᠣᠭᠤᠬᠤ ᠳᠠᠭᠠᠨ ᠪᠣᠷᠣ ᠪᠦᠳᠣᠬᠦᠯᠢᠭ ᠢᠳᠡᠭᠡᠨ ᠣᠮᠳᠠᠭᠠᠨ ᠢ ᠬᠡᠷᠡᠭᠯᠡᠨ᠎ᠡ᠂ ᠨᠠᠭᠠᠳᠣᠮ ᠳᠤ ᠰᠢᠨᠤᠬᠠᠶᠢᠷᠠᠬᠤ ᠦᠭᠡᠢ᠂ ᠠᠷᠢᠬᠢ ᠣᠣᠭᠤᠬᠤ ᠦᠭᠡᠢ᠂ ᠲᠠᠮᠠᠬᠢ  ᠲᠠᠲᠠᠬᠤ ᠦᠭᠡᠢ᠃        ᠲᠣᠮᠳᠡᠳᠣ ᠣᠯᠣᠰ ᠤᠨ ᠨᠠᠰᠣᠳᠠᠶᠢᠴᠣᠳ ᠤᠨ ᠨᠡᠶᠢᠭᠡᠮᠯᠢᠭ ᠤᠨ ᠨᠢᠳᠣᠨᠣᠨ ᠤ ᠪᠠᠶᠢᠴᠠᠭᠠᠯᠳᠡ ᠳᠤ᠂ ᠵᠠᠭᠤᠨ ᠨᠠᠰᠣᠯᠬᠠᠰᠠᠨ ᠪᠣᠭᠤᠷᠤᠯᠴᠤᠳ ᠤᠨ ᠣᠷᠳᠣ ᠨᠠᠰᠣᠯᠬᠠᠰᠠᠨ ᠰᠢᠯᠳᠠᠭᠠᠨ ᠤ ᠳᠣᠲᠣᠷ᠎ᠠ᠂ ᠭᠧᠨ ᠤ ᠡᠯᠧᠮᠧᠨ᠋ᠲ 15% ᠶᠢ ᠡᠵᠡᠯᠡᠵᠦ᠂ ᠨᠡᠶᠢᠭᠡᠮ ᠤᠨ ᠡᠯᠧᠮᠧᠨ᠋ᠲ 10% ᠶᠢ ᠡᠵᠡᠯᠡᠵᠦ᠂ ᠡᠮ ᠡᠮᠨᠡᠯᠭᠡ ᠶᠢᠨ ᠨᠦᠬᠦᠴᠡᠯ ᠨᠢ 8% ᠶᠢ ᠡᠵᠡᠯᠡᠵᠦ ᠂ ᠠᠭᠤᠷ ᠠᠮᠢᠰᠬᠤᠯ ᠤᠨ ᠨᠦᠬᠦᠴᠡᠯ ᠨᠢ 7% ᠶᠢ ᠡᠵᠡᠯᠡᠵᠦ᠂ ᠪᠣᠰᠣᠳ ᠵᠦᠢᠯ ᠨᠢ 60% ᠶᠢ ᠡᠵᠡᠯᠡᠵᠦ ᠪᠠᠶᠢᠳᠠᠭ ᠃ ᠡᠭᠦᠨ ᠳᠠᠬᠢ 60% ᠨᠢ ᠨᠠᠰᠣᠳᠠᠶᠢᠴᠣᠳ ᠤᠨ ᠬᠤᠪᠢ ᠪᠡᠶ᠎ᠡ ᠳᠤ ᠪᠠᠶᠢᠳᠠᠭ᠃ ᠬᠠᠮᠤᠭ ᠤᠨ ᠭᠤᠣᠯ ᠡᠯᠧᠮᠧᠨ᠋ᠲ  ᠨᠢ ᠬᠠᠰᠢᠯᠠ ᠬᠤᠪᠢ ᠬᠦᠮᠦᠨ ᠤ ᠰᠡᠳᠬᠢᠯ ᠤᠨ ᠪᠠᠶᠢᠳᠡᠯ ᠳᠤ ᠪᠠᠶᠢᠳᠠᠭ ᠪᠢᠯᠡ᠃ ᠪᠠᠷᠠᠭᠤᠨ ᠤ ᠬᠢᠨ ︽ᠣᠴᠠᠭᠠᠷᠯᠠᠬᠤ ᠦᠭᠡᠢ᠂ ᠪᠣᠬᠢᠨᠢᠳᠣᠬᠤ ᠦᠭᠡᠢ ᠪᠣᠯᠪᠠᠰᠤ ᠴᠢᠰᠦᠨ ᠲᠠᠷᠣᠯᠳᠡ ᠶᠢᠨ ᠬᠡᠮᠵᠢᠬᠦᠷ ᠬᠡᠷᠡᠭ ᠦᠭᠡᠢ︾ ᠭᠡᠵᠡᠢ᠃        ᠣᠳᠣᠬᠢ ᠬᠦᠮᠦᠨ ᠳᠤ ᠠᠪᠴᠦ ᠬᠡᠯᠡᠪᠡᠯ᠂ ᠪᠣᠬᠢᠨᠢᠳᠣᠬᠤ ᠨᠢ ᠪᠣᠳᠣᠵᠦ ᠰᠠᠨᠠᠬᠤ ᠨᠢ ᠬᠡᠳᠦᠶᠢᠭᠰᠡᠨ ᠠᠴᠠ ᠭᠠᠷᠣᠨᠨᠰᠠᠨ᠂ ᠠᠭᠤᠷ ᠣᠮᠤᠭ ᠨᠢ ᠰᠢᠬᠠᠨᠨᠳᠠᠵᠦ ᠪᠠᠶᠢᠭᠠᠳ ᠭᠠᠷᠭᠠᠨᠨᠰᠠᠨ᠂ ᠡᠪᠡᠳᠴᠢᠨ ᠨᠢ ᠢᠳᠡᠵᠦ ᠪᠠᠶᠢᠭᠠᠳ ᠣᠯᠣᠨᠨᠰᠠᠨ᠃ ᠨᠢᠭᠡᠨ 90 ᠭᠠᠷᠣᠨᠨᠰᠠᠨ ᠨᠠᠰᠣᠳᠡᠨ᠂ ᠴᠢᠷᠠᠢ ᠵᠢᠰᠦ ᠨᠢ ᠣᠯᠠᠪᠠᠯᠵᠦ᠂ ᠠᠯᠬᠤᠵᠦ ᠬᠢᠰᠬᠢᠬᠦ ᠨᠢ ᠴᠤᠭ ᠵᠢᠪᠬᠤᠭ᠎ᠠ ᠲᠠᠢ᠂ ᠶᠠᠭ ᠵᠢᠷᠡᠨ ᠨᠠᠰᠣᠳᠡᠢ ᠶᠤᠮ ᠰᠢᠭ᠋᠃ ᠬᠦᠮᠦᠰ ᠲᠡᠭᠦᠨ ᠠᠴᠠ ︽ᠶᠠᠮᠠᠷ ᠨᠦᠬᠦᠪᠦᠷᠢᠯᠡᠬᠦ ᠢᠳᠡᠭᠡᠨ ᠢᠳᠡᠵᠦ᠂ ᠶᠠᠮᠠᠷ ᠬᠦᠳᠡᠯᠭᠡᠭᠡᠨ ᠬᠢᠳᠡᠭ ᠪᠤᠢ︖︾ ᠭᠡᠵᠦ ᠠᠰᠠᠭᠤᠬᠤ ᠳᠤ ᠲᠠᠷᠡ ᠪᠠᠷ ︽ᠡᠳᠣᠷ ᠲᠤᠵᠢ ᠶᠠᠷᠢᠶ᠎ᠠ ᠬᠦᠣᠷ ᠲᠠᠢ ᠢᠨᠢᠶᠡᠳᠣ ᠪᠠᠶᠠᠰᠣᠯ ᠲᠠᠢ᠂ ᠡᠯᠢᠭᠡ ᠵᠢᠷᠦᠬᠡ ᠦᠭᠡᠢ ᠬᠦᠮᠦᠨ ᠰᠢᠭ ᠠᠮᠢᠳᠣᠷᠠᠵᠦ ᠪᠠᠶᠢᠨ᠎ᠠ︾ ᠭᠡᠵᠦ ᠬᠠᠷᠢᠭᠤᠯᠵᠠᠢ᠃        ᠨᠠᠶᠠ ᠰᠢᠬᠠᠵᠦ ᠪᠠᠶᠢᠭ᠎ᠠ ᠨᠠᠰᠣᠳᠡᠨ ᠠᠴᠠ ︽ᠲᠠᠨ ᠤ ᠲᠠᠷᠢᠬᠢ ᠲᠣᠯᠣᠭᠠᠢ ᠬᠤᠷᠴᠠ᠂ ᠰᠡᠳᠬᠢᠴᠡ ᠨᠢ ᠰᠡᠷᠬᠡᠭ ᠣᠨᠴᠠᠭᠠᠢ ᠪᠠᠶᠢᠳᠠᠭ ᠪᠠ ᠪᠡᠶ᠎ᠡ ᠮᠠᠬᠠᠪᠣᠳ ᠴᠢᠨᠢ ᠡᠷᠡᠭᠦᠯ ᠴᠢᠬᠢᠷᠠᠭ ᠪᠠᠶᠢᠳᠠᠭ ᠤᠨ ᠶᠠᠮᠠᠷ ᠨᠢᠭᠤᠴᠠ ᠵᠣᠷ ᠲᠠᠢ ᠪᠠᠶᠢᠳᠠᠭ ᠪᠣᠢ︖︾ ᠭᠡᠵᠦ ᠠᠰᠠᠭᠤᠬᠤ ᠳᠤ ︽ᠡᠳᠣᠷ ᠡᠳᠣᠷ ᠬᠤᠶᠡᠷ ᠪᠠᠷᠰ ᠲᠠᠢ ᠰᠢᠭ᠋ ᠶᠠᠪᠣᠵᠦ ᠪᠠᠢ︾ ᠭᠡᠵᠦ ᠰᠢᠭᠤᠳ ᠬᠠᠷᠢᠭᠤᠯᠪᠠ᠃ ᠡᠳᠡᠭᠡᠷ ᠦᠭᠡ ᠨᠢ ᠪᠠᠭ᠎ᠠ ᠣᠴᠢᠷ ᠢ ᠣᠪᠠᠶᠢᠯᠠᠬᠤ ᠦᠭᠡᠢ᠂ ᠶᠡᠭᠡ ᠣᠴᠢᠷ ᠲᠤ ᠪᠠᠴᠢᠮᠳᠡᠬᠤ ᠦᠭᠡᠢ᠂ ᠡᠳᠣᠷ ᠡᠳᠣᠷ ᠪᠠᠶᠠᠰᠣᠯ ᠲᠠᠢ ᠶᠠᠪᠣᠵᠦ᠂ ᠣᠴᠢᠷ ᠶᠠᠪᠣᠳᠡᠯ ᠲᠣᠬᠢᠶᠠᠯᠳᠣᠪᠠᠯ ᠰᠡᠳᠬᠢᠯ ᠳᠡᠭᠡᠨ ᠨᠢᠭᠤᠨ  ᠳᠠᠷᠣᠵᠦ ᠪᠣᠬᠢᠨᠢᠳᠣᠵᠦ ᠪᠣᠯᠬᠤ ᠭᠡᠰᠡᠨ ᠶᠣᠰᠣ ᠶᠢ ᠵᠢᠭᠠᠵᠦ ᠪᠠᠶᠢᠨ᠎ᠠ᠃        ᠪᠣᠰᠣᠳ ᠬᠦᠮᠦᠨ ᠲᠠᠢ ᠨᠠᠶᠢᠵᠠᠯᠠᠬᠤ ᠳᠠᠭᠠᠨ ᠡᠷᠡᠬᠦᠯ ᠴᠢᠬᠢᠷᠠᠭ ᠬᠦᠮᠦᠨ ᠲᠠᠢ ᠨᠠᠶᠢᠵᠠᠯᠠᠵᠦ᠂ ᠲᠣᠷᠰᠢᠯᠭ᠎ᠠ ᠰᠣᠷᠭᠠᠮᠵᠢ ᠪᠠᠨ ᠰᠣᠯᠢᠯᠴᠠᠵᠦ᠂ ᠪᠣᠳᠣᠨᠨᠰᠠᠨ ᠪᠣᠳᠣᠯ ᠰᠠᠨ᠋ᠬᠠᠰᠠᠨ ᠰᠠᠨᠠᠭ᠎ᠠ ᠪᠠᠨ ᠨᠡᠪᠳᠡᠷᠡᠯᠴᠡᠵᠦ ᠪᠠᠶᠢᠪᠠᠯ ᠠᠰᠢᠭ ᠲᠣᠰᠠ ᠦᠯᠠᠮᠵᠢ ᠪᠠᠶᠢᠳᠠᠭ᠃        ︽ᠡᠷᠡᠭᠦᠯ ᠴᠢᠬᠢᠷᠠᠭ ᠤᠨ ᠲᠤᠬᠠᠢ︾ ︽ᠡᠷᠡᠬᠦᠯᠵᠢᠯᠡᠯ ᠤᠨ ᠲᠣᠬᠠᠢ︾ ︽ᠣᠷᠳᠣ ᠨᠠᠰᠣᠯᠠᠬᠤ ᠲᠤᠬᠠᠢ ᠵᠣᠷ︾ ᠤᠨ ᠲᠣᠬᠠᠢ ᠨᠣᠮ ᠪᠢᠴᠢᠭ ᠣᠪᠣᠭ᠎ᠠ ᠣᠯᠡᠨ᠂ ᠲᠣᠣᠷ ᠰᠦᠯᠵᠢᠶᠡᠨ ᠲᠡᠭᠡᠷ᠎ᠡ ᠲᠤᠭ᠎ᠠ ᠲᠣᠮᠰᠢ ᠦᠭᠡᠢ ᠪᠠᠶᠢᠳᠠᠭ᠃ ᠨᠢᠭᠤᠴᠠ ᠵᠣᠷ ᠢ ᠡᠭᠦᠳᠣᠳᠡᠭ ᠨᠢ ᠬᠠᠰᠢᠯᠠ ᠬᠤᠪᠢ ᠬᠦᠮᠦᠨ ᠤ ᠪᠡᠶ᠎ᠡ ᠳᠤ ᠪᠠᠶᠢᠳᠠᠭ᠂ ᠰᠦᠰᠣ ᠵᠣᠷᠢᠭ  ᠲᠠᠢ᠂ ᠪᠠᠷᠢᠮᠳᠡᠯᠠᠯ ᠲᠠᠢ ᠪᠠᠶᠢᠪᠠᠯ ᠰᠠᠶ᠋ᠢ ᠣᠷᠳᠣ ᠨᠠᠰᠣᠯᠠᠵᠦ ᠴᠢᠳᠠᠳᠠᠭ᠃                                                     ᠪᠡᠯᠡᠳᠭᠡᠭᠰᠡᠨ ᠨᠢ᠄  ᠭᠧ ᠲᠣᠸᠠᠨ ᠯᠢᠶᠡᠨ
 
ᠢᠷᠡᠯᠲᠡ᠄ ᠰᠢᠳᠣᠭᠡᠨ ᠮᠣᠩᠭᠤᠯ ᠲᠠᠪᠴᠠᠩ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号