ᠬᠦᠳᠡᠯᠭᠡᠭᠡᠨ ᠬᠢᠬᠦ ᠦᠬᠡᠢ ᠣᠳᠠᠭᠠᠨ ᠰᠠᠭᠤᠪᠠᠯ ᠡᠷᠲᠠ ᠦᠳᠡᠯᠦᠨ᠎ᠡ
ᠨᠡᠶᠢᠲᠡᠯᠡᠭᠰᠡᠨ ᠴᠠᠭ᠄
2019-04-11
       ᠠᠮᠧᠷᠢᠺᠠ ᠶᠢᠨ ᠰᠢᠨᠵᠢᠯᠡᠬᠦ ᠤᠬᠠᠭᠠᠨᠳᠡᠳ ᠤᠨ ᠢᠯᠡᠷᠡᠭᠦᠯᠦᠭᠰᠡᠨ ᠢᠶᠠᠷ᠂ ᠨᠠᠰᠣᠳᠠᠶᠢᠴᠦᠤᠯ ᠣᠳᠠᠭᠠᠨ ᠰᠠᠭᠤᠪᠠᠯ ᠦᠳᠡᠯᠬᠦ ᠬᠤᠷᠳᠣᠴᠡ ᠪᠠᠨ ᠲᠦᠷᠭᠡᠳᠭᠡᠨ᠎ᠡ᠃ ᠨᠢᠭᠡ ᠡᠳᠣᠷ ᠲᠤ 10 ᠴᠠᠭ ᠠᠴᠠ ᠳᠡᠭᠡᠭᠰᠢ ᠨᠠᠮ ᠰᠠᠭᠤᠬᠤ ᠮᠦᠷᠳᠡᠭᠡᠨ 40 ᠮᠢᠨᠦ᠋ᠲ ᠠᠴᠠ ᠲᠣᠷᠣᠨᠨᠰᠢ ᠬᠦᠳᠡᠯᠭᠡᠭᠡᠨ ᠬᠢᠭᠰᠡᠳ ᠦᠪᠡᠷ ᠤᠨ ᠪᠣᠳᠡᠳᠡᠢ ᠨᠠᠰᠤᠨ ᠠᠴᠠ ᠪᠠᠨ ᠠᠳᠠᠭ ᠲᠠᠭᠠᠨ 8 ᠵᠢᠯ ᠡᠷᠲᠡ ᠦᠳᠡᠯᠦᠨ᠎ᠡ᠃ ᠺᠠᠯᠢᠹᠦᠷᠨᠢᠶ᠎ᠠ ᠶᠡᠭᠡ ᠰᠤᠷᠭᠠᠭᠤᠯᠢ ᠶᠢᠨ ᠰᠣᠳᠣᠯᠭᠠᠳᠡᠳ 1500 ᠨᠠᠷ᠎ᠡ 64-95 ᠨᠠᠰᠤᠨ ᠤ ᠨᠠᠰᠣᠳᠠᠶᠢᠴᠣᠣᠯ ᠳᠤ ᠬᠢᠨᠠᠨ ᠬᠡᠮᠵᠢᠯᠳᠡ ᠶᠢᠨ ᠲᠦᠭᠦᠭᠡᠷᠦᠮᠵᠢ ᠵᠡᠭᠦᠯᠭᠡᠨ᠂ ᠲᠡᠳᠡᠨ ᠤ ᠨᠢᠭᠡ ᠭᠠᠷᠠᠭ ᠤᠨ ᠬᠤᠭᠤᠴᠠᠭᠠᠨ ᠳᠠᠬᠢ ᠬᠦᠳᠡᠯᠭᠡᠭᠡᠨ ᠤ ᠪᠠᠶᠢᠳᠠᠯ ᠢ ᠲᠡᠮᠳᠡᠭᠯᠡᠵᠦ᠂ ᠲᠠᠬᠢᠨ ᠴᠢᠰᠤᠨ ᠪᠠᠶᠢᠴᠠᠭᠠᠯᠳᠠ ᠪᠠᠷ ᠲᠠᠮᠵᠢᠨ ᠪᠡᠶ᠎ᠡ ᠶᠢᠨ ᠡᠰ ᠤᠨ ᠡᠷᠡᠭᠦᠯ ᠴᠢᠬᠢᠷᠠᠭ ᠤᠨ ᠪᠠᠶᠢᠳᠡᠯ ᠢ ᠵᠠᠳᠠᠯᠪᠠ᠃ ᠪᠠᠶᠢᠴᠠᠭᠠᠯᠳᠡ ᠶᠢᠨ ᠳ᠋ᠦᠩ ᠳᠤ᠂ ᠬᠦᠳᠡᠯᠭᠡᠭᠡᠨ ᠬᠢᠭᠰᠡᠨ ᠨᠢ ᠪᠠᠭ᠎ᠠ ᠨᠠᠰᠣᠳᠠᠶᠢᠴᠣᠣᠯ ᠤᠨ ᠡᠰ ᠮᠠᠰᠢ ᠡᠷᠡᠭᠦᠯ ᠪᠣᠰᠤ ᠮᠦᠷᠳᠡᠬᠡᠨ ᠪᠣᠳᠣᠨᠨᠳᠣ ᠴᠣᠨᠨᠴᠡ ᠶᠢᠨ ᠣᠷᠳᠣ ᠶᠢᠨ ᠬᠡᠮᠵᠢᠶ᠎ᠡ ᠨᠡᠩ ᠣᠬᠤᠷ ᠭᠡᠳᠡᠭ ᠢ ᠢᠯᠡᠷᠡᠬᠦᠯᠵᠡᠢ᠃ ᠶᠡᠷᠦᠩᠭᠡᠢ ᠳᠡᠭᠡᠨ᠂ ᠬᠦᠮᠦᠨ ᠤ ᠪᠣᠳᠡᠳᠡᠢ ᠨᠠᠰᠦ ᠨᠡᠮᠡᠭᠳᠡᠬᠦ ᠲᠣᠰᠣᠮ ᠪᠣᠳᠣᠨᠨᠳᠣ ᠪᠡᠶ᠎ᠡ ᠶᠢᠨ ᠦᠵᠦᠭᠦᠷᠯᠢᠭ ᠣᠯᠡᠮ ᠣᠬᠤᠷ ᠪᠣᠯᠳᠠᠭ᠃ ᠭᠡᠪᠡᠴᠦ ᠣᠳᠠᠭᠠᠨ ᠰᠠᠭᠤᠨᠨᠰᠠᠨ ᠠᠴᠠ ᠪᠣᠯᠣᠨᠨᠰᠠᠨ ᠭᠡᠮ ᠠᠷᠬᠠᠭ ᠢ ᠬᠦᠳᠡᠯᠭᠡᠭᠡᠨ ᠬᠢᠬᠦ ᠪᠠᠷ ᠲᠠᠮᠵᠢᠨ ᠨᠦᠬᠦᠪᠦᠷᠢᠯᠡᠵᠦ ᠪᠣᠯᠣᠨ᠎ᠠ ᠭᠡᠵᠦ ᠰᠣᠳᠣᠯᠭᠠᠳᠡᠳ ᠦᠵᠡᠵᠦ ᠪᠠᠶᠢᠨ᠎ᠠ᠃ ᠲᠣᠬᠠᠶᠢᠯᠠᠪᠠᠯ ᠦᠷᠬᠦᠯᠵᠢ ᠬᠦᠳᠡᠯᠬᠡᠬᠡᠨ ᠬᠢᠬᠦ ᠦᠬᠡᠢ ᠰᠠᠭᠤᠭᠠᠳ ᠯᠡ ᠪᠠᠶᠢᠳᠠᠭ ᠨᠠᠰᠣᠳᠠᠶᠢᠴᠦᠦᠯ ᠡᠳᠣᠷ ᠪᠦᠷᠢ ᠬᠠᠭᠠᠰ ᠴᠠᠭ ᠠᠴᠠ ᠳᠡᠭᠡᠭᠰᠢ ᠬᠦᠳᠡᠯᠭᠡᠭᠡᠨ ᠬᠢᠪᠡᠯ ᠡᠷᠲᠡ ᠦᠳᠡᠯᠬᠦ ᠠᠴᠠ ᠵᠠᠶᠢᠯᠠᠰᠬᠢᠵᠦ ᠲᠡᠶᠢᠯᠦᠨ᠎ᠡ᠃ ᠭᠡᠬᠦ ᠳᠤ ᠪᠠᠨ ᠡᠨᠡᠬᠦ ᠰᠣᠳᠣᠯᠭᠠᠨ ᠨᠢ ᠵᠦᠪᠬᠡᠨ ᠡᠮᠡᠭᠳᠡᠶᠢᠴᠦᠳ ᠢᠶᠠᠷ ᠰᠣᠳᠣᠯᠣᠨᠨᠳᠠᠬᠤᠨ ᠪᠣᠯᠭᠠᠨᠨᠰᠠᠨ ᠶᠤᠮ᠃ ᠣᠳᠠᠭᠠᠨ ᠰᠠᠭᠤᠬᠤ ᠨᠢ ᠪᠠᠰᠠ ᠦᠮᠡᠨ ᠡᠪᠡᠳᠴᠢᠨ᠂ ᠰᠢᠬᠢᠷ ᠰᠢᠵᠢᠭ ᠡᠪᠡᠳᠴᠢᠨ ᠪᠣᠯᠣᠨ ᠵᠢᠷᠦᠬᠡ ᠴᠢᠰᠣᠨ ᠰᠣᠳᠡᠯ ᠤᠨ ᠡᠪᠡᠳᠴᠢᠨ ᠳᠤ ᠨᠡᠷᠪᠡᠭᠳᠡᠬᠦ ᠨᠣᠷᠮ᠎ᠠ ᠶᠢ ᠵᠣᠬᠢᠬᠤ ᠬᠡᠮᠵᠢᠶ᠎ᠡ ᠪᠠᠷ ᠲᠡᠭᠡᠭᠰᠢᠯᠡᠬᠦᠯᠦᠨ᠎ᠡ ᠭᠡᠵᠦ ᠰᠣᠳᠣᠯᠭᠠᠳᠡᠳ ᠰᠠᠨᠠᠭᠤᠯᠵᠠᠢ᠃                                                          ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠠᠷᠡᠳ ᠤᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号