ᠮᠤᠩᠭᠤᠯ ᠦᠭᠡ ᠬᠡᠯᠡᠯᠭᠡ ᠶᠢ ᠦᠰᠦᠭ ᠪᠢᠴᠢᠭ ᠪᠣᠯᠭᠠᠨ ᠪᠠᠭᠤᠯᠭᠠᠬᠤ AI ᠮᠡᠷᠭᠡᠵᠢᠯ ᠮᠡᠨᠳᠣᠯᠡᠪᠡ
ᠨᠡᠶᠢᠲᠡᠯᠡᠭᠰᠡᠨ ᠴᠠᠭ᠄
2019-03-26
          ᠮᠤᠩᠭᠤᠯ ᠦᠭᠡ ᠬᠡᠯᠡᠯᠭᠡ ᠶᠢ ᠦᠰᠦᠭ ᠪᠢᠴᠢᠭ ᠪᠣᠯᠭᠠᠨ ᠪᠠᠭᠤᠯᠭᠠᠬᠤ AI ᠮᠡᠷᠭᠡᠵᠢᠯ ᠮᠡᠨᠳᠣᠯᠡᠪᠡ                                 ᠰᠤᠷᠪᠣᠯᠵᠢᠯᠬᠠᠴᠢ ᠲᠡᠯᠭᠡᠷᠬᠦᠦ       ᠬᠢᠳᠡᠳ ᠢᠶᠠᠷ ᠶᠠᠷᠢᠭᠠᠳ ᠦᠰᠦᠭ ᠪᠢᠴᠢᠭ ᠪᠣᠯᠭᠠᠨ ᠪᠠᠭᠤᠯᠭᠠᠴᠢᠬᠠᠳᠠᠭ ᠮᠡᠷᠭᠡᠵᠢᠯ ᠢ ᠪᠢᠳᠡᠨᠡᠷ ᠮᠠᠰᠢ ᠱᠤᠬᠤᠷᠬᠠᠵᠦ ᠪᠢᠰᠢᠷᠡᠵᠦ ᠪᠠᠶᠢᠨᠨᠰᠠᠨ ᠪᠦᠭᠡᠳ ᠮᠠᠨᠠᠶᠢᠬᠢᠨ ᠤ ᠮᠤᠩᠭᠤᠯ ᠦᠭᠡ ᠶᠠᠷᠢᠶ᠎ᠡ ᠶᠢ ᠬᠡᠵᠢᠶ᠎ᠡ ᠦᠰᠦᠭ ᠪᠢᠴᠢᠭ ᠪᠣᠯᠭᠠᠨ ᠪᠠᠭᠤᠯᠭᠠᠴᠢᠬᠠᠳᠠᠭ ᠮᠡᠷᠭᠡᠵᠢᠯ ᠭᠠᠷᠴᠦ ᠢᠷᠡᠳᠡᠭ ᠪᠣᠯᠪᠠᠤ ᠭᠡᠵᠦ ᠬᠦᠰᠡᠨ ᠪᠠᠷᠠᠯᠠᠵᠦ ᠪᠠᠶᠢᠨᠨᠰᠠᠨ ᠶᠤᠮ᠃ ᠡᠨᠡ ᠬᠦᠰᠡᠯ ᠦᠨᠦᠳᠣᠷ ᠪᠣᠯᠣᠭᠠᠳ ᠪᠡᠶᠡᠯᠡᠭᠳᠡᠵᠦ ᠪᠠᠶᠢᠬᠤ ᠶᠢ ᠲᠠ ᠪᠦᠬᠦᠨ ᠳᠤ ᠪᠠᠨ ᠪᠠᠶᠠᠷᠳᠠᠢ ᠪᠠᠷ ᠲᠠᠮᠵᠢᠭᠤᠯᠵᠦ ᠪᠠᠶᠢᠨ᠎ᠠ︕       — ᠮᠤᠩᠭᠤᠯ ᠢᠶᠠᠷ ᠢᠶᠠᠨ ᠶᠠᠷᠢᠭᠠᠳ ᠰᠢᠭᠤᠳ ᠪᠢᠴᠢᠬᠦ ᠦᠨᠡᠨ ᠭᠤᠶᠣ ᠪᠠᠶᠢᠨ᠎ᠠ︕       — ᠦᠨᠡᠬᠡᠷ ᠭᠤᠶᠣ ᠪᠠᠶᠢᠨ᠎ᠠ︕ ᠦᠨᠡᠬᠡᠷ ᠳᠦᠭᠦᠮ ᠪᠣᠯᠣᠯ᠎ᠠ︕       — ᠶᠠᠭᠠᠬᠢᠵᠦ ᠪᠠᠭᠤᠯᠭᠠᠳᠠᠭ ᠪᠢᠯᠡ︖       ᠣᠶᠢᠯᠠᠭᠠᠨᠨᠰᠠᠨ ᠢᠶᠠᠷ᠂ ᠲᠥᠪ ᠤᠨ ᠦᠨᠳᠣᠰᠣᠳᠡᠨ ᠤ ᠮᠤᠩᠭᠤᠯ ᠬᠡᠯᠡᠨ ᠤ ᠣᠷᠴᠢᠭᠤᠯᠭ᠎ᠠ ᠶᠢᠨ ᠲᠠᠰᠤᠭ ᠤᠨ  ᠬᠢᠨ ᠴᠢᠩᠬᠤᠸᠠ ᠶᠡᠭᠡ ᠰᠣᠷᠭᠠᠭᠤᠯᠢ᠂ ᠪᠠᠷᠠᠭᠤᠨ ᠬᠤᠶᠢᠳᠣ ᠶᠢᠨ ᠪᠠᠭᠰᠢ ᠶᠢᠨ ᠶᠡᠭᠡ ᠰᠣᠷᠭᠠᠭᠤᠯᠢ᠂ ᠪᠡᠭᠡᠵᠢᠩ ᠤᠨ ᠵᠢᠶᠧ ᠲᠦᠩ ᠬᠤᠸᠠ ᠱᠧᠩ ᠰᠢᠨᠵᠢᠯᠡᠬᠦ ᠣᠬᠠᠭᠠᠨ ᠮᠡᠷᠭᠡᠵᠢᠯ ᠤᠨ ᠬᠤᠪᠢᠴᠠᠭᠠᠳᠣ ᠬᠢᠵᠠᠭᠠᠷᠳᠣ ᠺᠣᠮᠫᠠᠨᠢ ᠲᠠᠢ ᠬᠠᠮᠳᠣᠷᠡᠨ ᠮᠣᠩᠭᠤᠯ ᠦᠰᠦᠭ᠂ ᠲᠥᠪᠡᠳ ᠦᠰᠦᠭ᠂ ᠣᠶᠢᠭᠤᠷ ᠦᠰᠦᠭ᠂ ᠬᠠᠰᠠᠭ ᠦᠰᠦᠭ᠂ ᠰᠣᠯᠣᠩᠭᠤᠰ ᠦᠰᠦᠭ᠂ ᠢ ᠦᠰᠦᠭ ᠤᠨ ᠠᠪᠢᠶᠠᠯᠠᠭ᠎ᠠ ᠶᠢ ᠢᠯᠭᠠᠨ ᠲᠠᠨᠢᠬᠤ ᠪᠠ ᠠᠪᠢᠶ᠎ᠠ ᠨᠡᠶᠢᠯᠡᠮᠡᠯ ᠤᠨ ᠰᠢᠰᠲ᠋ᠧᠮ ᠢᠶᠠᠷ ᠦᠰᠦᠭ ᠪᠢᠴᠢᠭ ᠪᠣᠯᠭᠠᠨ ᠪᠠᠭᠤᠯᠭᠠᠬᠤ ᠮᠡᠷᠭᠡᠵᠢᠯ ᠢ ᠰᠣᠳᠣᠯᠣᠨ ᠵᠣᠬᠢᠶ᠋ᠬᠠᠰᠠᠨ ᠪᠠᠶᠢᠨ᠎ᠠ᠃ ᠡᠭᠦᠨ ᠳᠤ ᠵᠢᠷᠬᠢᠶ᠎ᠡ ᠪᠠᠷ ᠬᠤᠯᠪᠣᠭ᠎ᠠ ᠪᠠᠷᠢᠬᠤ ᠳᠤ ᠪᠠᠨ ᠯᠢᠩ ᠶᠦᠨ ᠣᠶᠣᠨᠴᠢ ᠪᠢᠴᠢᠭᠯᠡᠬᠦ ᠠᠷᠭ᠎ᠠ ᠶᠢ ᠬᠡᠷᠡᠭᠯᠡᠬᠦ ᠳᠤ ᠮᠣᠩᠭᠤᠯ ᠢᠶᠠᠷ ᠶᠠᠷᠢᠨᠨᠰᠠᠨ ᠵᠦᠢᠯ ᠨᠢ ᠮᠣᠩᠭᠤᠯ ᠦᠰᠦᠭ ᠢᠶᠠᠷ ᠢᠯᠡᠷᠡᠬᠦ ᠪᠣᠯᠵᠦ᠂ ᠬᠦᠮᠦᠰ ᠤᠨ ᠬᠠᠷᠢᠯᠴᠠᠭᠠᠨ ᠳᠤ ᠲᠦᠭᠦᠮ ᠦᠵᠡᠬᠦᠯᠵᠦ᠂ ᠮᠣᠩᠭᠤᠯᠴᠣᠳ ᠤᠨ ᠲᠠᠭᠠᠰᠢᠶᠠᠯ ᠢ ᠣᠯᠵᠦ ᠪᠠᠶᠢᠨ᠎ᠠ᠃       ᠯᠢᠩ ᠶᠦᠨ ᠣᠶᠣᠨᠴᠢ ᠪᠢᠴᠢᠭᠯᠡᠬᠦ ᠠᠷᠭ᠎ᠠ ᠨᠢ ᠪᠡᠭᠡᠵᠢᠩ ᠤᠨ ᠵᠢᠶᠧ ᠲᠦᠩ ᠬᠤᠸᠠ ᠱᠧᠩ ᠰᠢᠨᠵᠢᠯᠡᠬᠦ ᠣᠬᠠᠭᠠᠨ ᠮᠡᠷᠭᠡᠵᠢᠯ ᠤᠨ ᠬᠤᠪᠢᠴᠠᠭᠠᠳᠣ ᠬᠢᠵᠠᠭᠠᠷᠳᠣ ᠺᠣᠮᠫᠠᠨᠢ ᠶᠢᠨ ᠰᠣᠳᠣᠯᠣᠨ ᠪᠦᠳᠦᠭᠡᠭᠰᠡᠨ ᠯᠢᠩ ᠶᠦᠨ ᠠᠪᠢᠶᠠᠨ ᠤ ᠢᠯᠭᠠᠨ ᠲᠠᠨᠢᠬᠤ ᠪᠠᠭᠠᠵᠢ ᠶᠢ ᠬᠡᠷᠡᠭᠯᠡᠵᠦ᠂ ᠡᠯ᠎ᠡ ᠵᠦᠢᠯ ᠤᠨ ᠬᠡᠯᠡᠨ ᠤ ᠠᠪᠢᠶ᠎ᠠ ᠶᠢ ᠢᠯᠭᠠᠨ ᠲᠠᠨᠢᠬᠤ ᠣᠨᠣᠪᠴᠢ ᠶᠢᠨ ᠬᠡᠮᠵᠢᠶ᠎ᠡ ᠶᠢ ᠲᠡᠭᠡᠭᠰᠢᠯᠡᠭᠦᠯᠦᠭᠰᠡᠨ ᠢᠶᠠᠷ ᠠᠵᠢᠯ ᠲᠦᠷᠦᠯ ᠤᠨ ᠢᠶᠠᠨ ᠲᠣᠮᠳᠡ ᠪᠠᠨ ᠲᠡᠷᠢᠬᠦᠯᠡᠬᠦ ᠪᠠᠶᠢᠷᠢᠨ ᠳᠤ ᠣᠷᠣᠵᠦ ᠪᠠᠶᠢᠨ᠎ᠠ᠃ ᠣᠶᠢᠯᠠᠭᠠᠨᠨᠰᠠᠨ ᠢᠶᠠᠷ᠂ ᠯᠢᠩ ᠶᠦᠨ ᠣᠶᠣᠨᠴᠢ ᠪᠢᠴᠢᠭᠯᠡᠬᠦ ᠠᠷᠭ᠎ᠠ ᠨᠢ ᠣᠳᠣᠬᠠᠨ ᠳᠤ ᠵᠦᠪᠬᠡᠨ Android ︵安卓︶  ᠭᠠᠷ ᠣᠳᠠᠰᠣᠨ ᠳᠤ ᠬᠡᠷᠡᠭᠯᠡᠵᠦ ᠪᠣᠯᠵᠦ ᠪᠠᠶᠢᠨ᠎ᠠ᠃        ᠯᠢᠩ ᠶᠦᠨ ᠣᠶᠣᠨᠴᠢ ᠪᠢᠴᠢᠭᠯᠡᠬᠦ ᠠᠷᠭ᠎ᠠ ᠶᠢ https://www.aicloud.com ᠠᠴᠠ ᠪᠠᠭᠤᠯᠭᠠᠨ ᠠᠪᠴᠦ ᠣᠨᠨᠰᠠᠷᠡᠨ ᠬᠡᠷᠡᠭᠯᠡᠵᠦ ᠪᠣᠯᠣᠨ᠎ᠠ᠃                           ᠪᠡᠯᠡᠳᠭᠡᠭᠰᠡᠨ ᠨᠢ᠄ ᠭᠧ ᠲᠣᠸᠠᠨ ᠯᠢᠶᠡᠨ                  
 
ᠢᠷᠡᠯᠲᠡ᠄ ᠦᠪᠦᠷ ᠮᠤᠩᠭᠤᠯ ᠤᠨ ᠡᠳᠣᠷ ᠤᠨ ᠰᠣᠨᠢᠨ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号