ᠨᠠᠰᠣᠳᠠᠶᠢᠴᠦᠳ ᠲᠤ ︽ᠣᠶᠣᠨ ᠤ ᠬᠦᠨᠡᠰᠣ︾ ᠬᠦᠷᠭᠡᠬᠦ ᠨᠢ ᠡᠷᠡᠬᠦᠯ ᠮᠡᠨᠳᠣ ᠳᠤᠨᠢ ᠠᠰᠢᠨᠨᠳᠡᠢ
ᠨᠡᠶᠢᠲᠡᠯᠡᠭᠰᠡᠨ ᠴᠠᠭ᠄
2019-03-12
           ᠰᠢᠨᠵᠢᠯᠡᠬᠦ ᠣᠬᠠᠭᠠᠨ ᠮᠡᠷᠭᠡᠵᠢᠯ ᠤᠨ ᠲᠠᠪᠰᠢᠯᠳᠡ ᠪᠠ ᠬᠦᠮᠦᠰ ᠤᠨ ᠠᠮᠢᠳᠣᠷᠡᠯ ᠤᠨ ᠲᠦᠪᠰᠢᠨ ᠲᠡᠭᠡᠭᠰᠢᠯᠡᠬᠦ ᠶᠢ ᠲᠠᠭᠠᠯᠳᠣᠨ᠂ ᠰᠦᠯᠵᠢᠶᠡᠨ ᠲᠡᠭᠡᠷ᠎ᠡ ᠠᠴᠠ ᠪᠠᠷᠠᠭ᠎ᠠ ᠬᠤᠳᠠᠯᠳᠣᠨ ᠠᠪᠬᠤ ᠬᠦᠮᠦᠰ ᠶᠠᠪᠣᠬᠤ ᠲᠣᠳᠣᠮ ᠣᠯᠠᠰᠢᠷᠠᠵᠦ᠂ ᠦᠩᠭᠡᠷᠡᠭᠰᠡᠨ ᠤ ᠬᠢ ᠰᠢᠭ ᠪᠠᠶᠡᠷ ᠲᠣᠷᠠᠰᠬᠠᠯ ᠤᠨ ᠡᠳᠣᠷ ᠤᠨ ᠪᠡᠯᠡᠳᠬᠡᠯ ᠲᠡᠶᠢᠮᠦ ᠶᠠᠭᠠᠷᠠᠣ ᠪᠢᠰᠢ ᠪᠣᠯᠪᠠ᠃ ᠡᠬᠦᠨ ᠳᠤ ᠰᠣᠶᠣᠯ ᠤᠨ ᠠᠮᠢᠳᠣᠷᠡᠯ ᠢ ᠠᠮᠳᠠᠷᠬᠠᠬᠤ ᠲᠠᠯ᠎ᠠ ᠪᠠᠷ᠂ ᠨᠠᠰᠣᠳᠠᠶᠢᠴᠣᠳ ᠲᠧᠯᠸᠢᠰ ᠦᠵᠡᠬᠦ᠂ ᠷᠠᠳᠢᠣ᠋ ᠰᠣᠨᠣᠰᠬᠤ ᠪᠠ ᠰᠣᠨᠢᠨ ᠦᠵᠡᠬᠦ ᠪᠠᠷ ᠬᠠᠨᠢ ᠪᠠᠨ ᠪᠣᠯᠭᠠᠬᠤ ᠪᠣᠯᠪᠠᠴᠦ᠂ ᠨᠢᠭᠤᠷᠳᠡᠨ ᠰᠣᠯᠢᠯᠴᠠᠬᠤ ᠵᠤᠭ᠎ᠠ ᠴᠡᠩᠭᠡᠯ ᠤᠨ ᠵᠦᠢᠯ ᠲᠤᠳ᠋ᠬᠠᠳᠠᠵᠦ ᠪᠠᠶᠢᠳᠠᠭ᠃ ᠲᠤᠰᠬᠠᠢ ᠮᠡᠷᠭᠡᠵᠢᠯᠳᠡᠨ ᠤ ᠦᠵᠡᠬᠦ ᠪᠠᠷ  ᠂ ᠨᠠᠰᠤᠲᠠᠶᠢᠴᠣᠳ ᠲᠤ ᠰᠣᠶᠣᠯ ᠤᠷᠠᠯᠢᠭ ᠤᠨ ᠰᠤᠨᠢᠷᠬᠠᠮᠵᠢ ᠬᠥᠷᠲᠡᠭᠡᠬᠦ ᠨᠢ ᠪᠡᠶ᠎ᠡ ᠮᠠᠬᠠᠪᠣᠳ ᠤᠨ ᠡᠷᠡᠭᠦᠯ ᠮᠡᠨᠳᠣ ᠳᠤᠨᠢ ᠠᠰᠢᠨᠨᠳᠠᠢ ᠶᠤᠮ᠃         ᠪᠠᠶᠠᠷ ᠲᠣᠷᠠᠰᠬᠠᠯ ᠤᠨ ᠡᠳᠣᠷ ᠲᠤ ᠦᠷ᠎ᠡ ᠠᠴᠢᠨᠠᠷ ᠪᠣᠯᠤᠨᠨᠰᠠᠳ ᠨᠠᠰᠣᠲᠠᠶᠢᠴᠣᠳ ᠲᠠᠭᠠᠨ ᠢᠯᠡᠭᠦᠬᠡᠨ ᠣᠶᠣᠨ ᠤ ᠬᠦᠨᠡᠰᠣ ᠤᠯᠭᠤᠬᠤ ᠶᠢᠨ ᠬᠠᠮᠲᠦ᠂ ᠨᠠᠰᠤᠲᠠᠶᠢᠴᠤᠳ   ᠢᠶᠠᠨ ᠢᠯᠡᠭᠦᠬᠡᠨ ᠬᠠᠯᠠᠮᠵᠢᠯᠠᠨ᠂ ᠬᠠᠵᠠᠭᠤ ᠳᠤᠨᠢ ᠰᠠᠭᠤᠵᠤ ᠶᠠᠷᠢᠯᠴᠠᠬᠤ ᠠᠴᠠ ᠭᠠᠳᠠᠨ᠎ᠠ᠂ ᠬᠡᠷ ᠪᠦᠯᠢ ᠶᠢᠨ ᠣᠷᠠᠨ ᠰᠠᠶᠢᠬᠠᠨ ᠤ ᠦᠳᠡᠰᠢᠯᠡᠭᠡ ᠵᠡᠷᠭᠡ ᠶᠢ ᠵᠣᠬᠢᠶᠠᠨ ᠪᠠᠶᠢᠭᠤᠯᠣᠨ ᠦᠷᠨᠢᠭᠦᠯᠵᠣ᠂ ᠨᠠᠰᠣᠳᠠᠶᠢᠴᠤᠳ ᠲᠠᠭᠠᠨ ᠪᠠᠶᠠᠷ  ᠪᠠᠶᠠᠰᠣᠯ ᠣᠯᠭᠤᠬᠤ ᠨᠢ ᠨᠠᠰᠣᠲᠠᠶᠢᠴᠤᠳ   ᠤᠨ ᠪᠡᠶ᠎ᠡ ᠰᠡᠳᠭᠢᠯ ᠤᠨ ᠡᠷᠡᠭᠦᠯ ᠮᠡᠨᠳᠣ ᠳᠤ ᠶᠡᠬᠡᠬᠡᠨ ᠲᠣᠰᠡ ᠲᠡᠮᠵᠢᠯᠬᠡ ᠪᠣᠯᠬᠤ ᠶᠣᠮ ᠭᠡᠵᠦ ᠲᠣᠰᠬᠠᠢ ᠮᠡᠷᠭᠡᠵᠢᠯᠳᠡᠨ ᠰᠠᠨᠠᠭᠤᠯᠵᠦ ᠪᠠᠶᠢᠨ᠎ᠠ᠃ ᠡᠬᠦᠨ ᠠᠴᠠ ᠭᠠᠳᠡᠨ᠎ᠡ᠂ ᠨᠠᠰᠣᠳᠠᠶᠢᠴᠣᠳ ᠤᠨ ᠬᠤᠪᠢ ᠬᠦᠮᠦᠨ ᠤ ᠲᠣᠷ᠎ᠡ ᠪᠠᠬ᠎ᠠ ᠶᠢ ᠦᠨᠳᠣᠰᠣᠯᠡᠨ᠂ ᠣᠶᠣᠨᠴᠢ ᠡᠯᠧᠺᠲᠷᠣᠨ ᠡᠳ᠋ᠯᠡᠯ᠂ ᠲᠠᠭᠤᠣ ᠬᠦᠭᠵᠢᠮ ᠤᠨ ᠺᠠᠰᠧᠲ ᠵᠡᠷᠭᠡ ᠶᠢ ᠪᠡᠯᠡᠭ ᠪᠣᠯᠭᠠᠨ ᠬᠦᠷᠭᠡᠵᠦ ᠨᠡᠰᠣᠳᠡᠶᠢᠴᠣᠳ ᠢᠶᠠᠨ ᠪᠠᠶᠠᠰᠬᠠᠵᠦ ᠪᠣᠯᠬᠤ ᠶᠣᠮ᠃                                                                   ᠪᠡᠯᠡᠳᠭᠡᠭᠰᠡᠨ ᠨᠢ᠄ ᠭᠧ ᠲᠣᠸᠠᠨ ᠯᠢᠶᠡᠨ
 
ᠢᠷᠡᠯᠲᠡ᠄ ᠲᠣᠮᠳᠡᠳᠣ ᠣᠯᠣᠰ ᠤᠨ ᠮᠣᠩᠭᠤᠯ ᠬᠡᠯᠡᠨ ᠤ ᠰᠣᠨᠢᠨ ᠮᠡᠳᠡᠭᠡ ᠶᠢᠨ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号