ᠣᠰᠣ ᠣᠣᠭᠤᠬᠤ ᠳᠠᠭᠠᠨ ᠠᠩᠬᠠᠷᠬᠤ ᠬᠡᠷᠡᠭᠳᠠᠢ
ᠨᠡᠶᠢᠲᠡᠯᠡᠭᠰᠡᠨ ᠴᠠᠭ᠄
2019-10-08
      ᠣᠰᠣ ᠪᠣᠯ ᠠᠮᠢ ᠨᠠᠰᠣᠨ ᠤ ᠡᠬᠢ ᠮᠦᠨ᠃ ᠪᠢᠳᠠ ᠪᠠᠭ᠎ᠠ ᠠᠴᠠ ᠪᠠᠨ ︽ᠣᠰᠣ ᠰᠠᠶᠢᠨ ᠣᠣᠭᠤ︾ ᠭᠡᠬᠦ ᠦᠭᠡ ᠶᠢ ᠰᠣᠨᠣᠰᠤᠭᠰᠠᠭᠠᠷ ᠢᠷᠠᠵᠠᠢ᠃ ᠬᠡᠳᠡᠰᠦ ᠡᠪᠡᠳᠦᠭᠰᠡᠨ ᠴᠣ᠋᠂ ᠲᠠᠭᠰᠢᠭᠤᠷ ᠣᠯᠵᠦ ᠪᠡᠶ᠎ᠡ ᠬᠠᠯᠠᠭᠰᠠᠨ ᠴᠣ᠋᠂ ᠲᠣᠯᠣᠭᠠᠢ ᠡᠪᠡᠳᠦᠭᠰᠡᠨ ᠴᠣ᠋᠂ ᠶᠠᠭᠤ ᠴᠣ᠋ ᠬᠡᠰᠡᠨ ᠣᠰᠣ ᠰᠠᠶᠢᠨ ᠣᠣᠭᠤᠬᠤ ᠬᠡᠷᠡᠭᠲᠡᠢ ᠭᠡᠰᠡᠨ ᠵᠠᠬᠢᠶ᠎ᠠ ᠬᠦᠷᠲᠡᠭᠰᠡᠭᠡᠷ ᠢᠷᠡᠭᠰᠡᠨ ᠶᠣᠮ᠃ ᠣᠰᠣ ᠰᠠᠶᠢᠨ ᠣᠣᠭᠤᠪᠠᠯ ᠶᠠᠮᠠᠷ ᠴᠣ᠋ ᠡᠪᠡᠳᠴᠢᠨ ᠬᠠᠭᠤᠴᠢᠨ ᠡᠳᠡᠭᠡᠴᠢᠬᠡᠳᠡᠭ ᠭᠡᠳᠡᠭ ᠨᠢ ᠬᠦᠮᠦᠰ ᠤᠨ ᠶᠡᠷᠦ ᠶᠢᠨ ᠮᠡᠳᠡᠯᠬᠡ ᠪᠣᠯᠵᠠᠢ᠃ ᠬᠡᠪᠡᠴᠦ᠂ ᠣᠶᠢᠷ᠎ᠠ ᠳᠤ ᠬᠡᠳᠦᠷᠬᠡᠢ ᠣᠰᠣ ᠣᠣᠭᠤᠭᠰᠠᠨ ᠠᠴᠠ ᠪᠣᠯᠵᠦ ᠠᠮᠢ ᠪᠠᠨ ᠠᠯᠳᠠᠬᠤ ᠠᠶᠣᠯ ᠳᠤ ᠲᠣᠯᠭᠠᠷᠠᠭᠰᠠᠨ ᠬᠡᠷᠡᠭ ᠭᠠᠷᠤᠭᠰᠠᠨ ᠪᠠᠶᠢᠨ᠎ᠠ᠃        ᠵᠧᠩᠵᠸᠣ ᠬᠤᠳᠠ ᠶᠢᠨ 50 ᠨᠠᠰᠣᠳᠠᠢ ᠪᠦᠰᠡᠬᠦᠢ ᠬᠤᠶᠠᠷ ᠴᠠᠭ ᠤᠨ ᠬᠤᠭᠤᠷᠣᠨᠳᠣ 6000 ᠮᠢᠯᠢᠯᠢᠳ᠋ᠷ ᠬᠦᠷᠦᠬᠡᠭᠰᠡᠨ ᠪᠣᠴᠠᠯᠣᠭᠰᠠᠨ ᠣᠰᠣ ᠣᠣᠭᠤᠭᠰᠠᠨ ᠠᠴᠠ ᠪᠣᠯᠵᠦ᠂ ᠲᠦᠷᠪᠡᠨ ᠮᠦᠴᠢ ᠨᠢ ᠲᠠᠳᠠᠭᠠᠨᠠᠨ᠂ ᠮᠠᠨᠠᠷᠠᠵᠦ ᠪᠡᠭᠳᠡᠷᠡᠨ᠂ ᠠᠮᠢ ᠨᠠᠰᠣᠨ ᠤ ᠲᠦᠰᠢᠭᠦᠷᠢᠳᠠᠢ ᠪᠠᠶᠢᠳᠠᠯ ᠳᠤ ᠣᠷᠣᠵᠡᠢ᠃ ᠡᠬᠦᠨ ᠤ ᠲᠣᠬᠠᠢ ᠡᠮᠴᠢ ᠶᠢᠨ ᠲᠠᠨᠢᠯᠴᠠᠭᠤᠯᠬᠤ ᠪᠠᠷ᠄ ︽ᠡᠨᠡ ᠨᠢ ᠣᠰᠣᠨ ᠤ ᠬᠤᠣᠷᠳᠠᠯᠭ᠎ᠠ ᠪᠣᠯᠣᠨ᠎ᠠ᠂ ᠴᠠᠭ ᠲᠣᠬᠠᠢ ᠳᠤ ᠨᠢ ᠲᠦᠷᠬᠡᠨ ᠠᠪᠣᠷᠠᠯᠳᠠ ᠬᠢᠬᠦ ᠦᠬᠡᠢ ᠪᠣᠯ ᠮᠡᠳᠡᠷᠡᠯ ᠤᠨ ᠰᠢᠰᠲ᠋ᠧᠮ ᠦᠨᠢᠳᠡ ᠶᠢᠨ ᠴᠢᠨᠠᠷᠳᠠᠢ ᠪᠠᠷ ᠡᠪᠳᠡᠭᠳᠡᠨ᠂ ᠴᠢᠨᠠᠭᠰᠢᠳᠠ ᠦᠬᠦᠬᠦ ᠠᠶᠣᠯ ᠲᠠᠢ ᠶᠣᠮ︾ ᠬᠡᠵᠡᠢ᠃       ᠡᠨᠡ ᠬᠦ ᠴᠢᠮᠡᠭᠡ ᠭᠠᠷᠣᠭᠰᠠᠨ ᠠᠴᠠ ᠬᠤᠶᠢᠰᠢ ᠣᠰᠣ ᠶᠢ ᠶᠠᠭᠠᠬᠢᠵᠦ ᠵᠣᠬᠢᠰᠳᠠᠢ ᠣᠣᠭᠤᠬᠤ ᠨᠢ ᠣᠯᠠᠩᠬᠢ ᠬᠦᠮᠦᠨ ᠤ ᠠᠩᠬᠠᠷᠣᠯ ᠢ ᠲᠠᠳᠠᠪᠠ᠃ ᠲᠡᠭᠡᠪᠡᠯ ᠣᠰᠣᠨ ᠤ ᠬᠤᠣᠷᠳᠠᠯᠭ᠎ᠠ ᠬᠡᠵᠦ ᠶᠠᠭᠤ ᠪᠣᠢ︖ ᠶᠠᠮᠠᠷ ᠠᠶᠣᠯᠳᠠᠢ ᠪᠣᠢ︖ ᠡᠩ ᠤᠨ ᠦᠶ᠎ᠡ ᠳᠤ ᠣᠰᠣ ᠶᠢ ᠬᠡᠷᠬᠢᠨ ᠬᠡᠮᠵᠢᠶ᠎ᠠ ᠲᠠᠢ ᠣᠣᠭᠤᠬᠤ ᠪᠣᠢ︖        ᠦᠨᠦᠳᠦᠷ ᠪᠢᠳᠠ ᠣᠰᠣᠨ ᠤ ᠬᠤᠣᠷᠳᠠᠯᠭ᠎ᠠ ᠶᠢᠨ ᠲᠣᠬᠠᠢ ᠨᠠᠷᠢᠨ ᠲᠠᠨᠢᠯᠴᠠᠭᠤᠯᠣᠶ᠎ᠠ᠃        ᠣᠰᠣᠨ ᠤ ᠬᠤᠣᠷᠳᠠᠯᠭ᠎ᠠ ᠬᠡᠵᠦ ᠶᠠᠭᠤ ᠪᠣᠢ︖        ᠣᠰᠣ ᠨᠢ ᠡᠰ ᠤᠨ ᠬᠠᠯᠢᠰᠣ ᠶᠢ ᠴᠢᠯᠦᠬᠡᠳᠠᠢ ᠪᠠᠷ ᠨᠡᠪᠳᠡᠯᠵᠦ᠂ ᠪᠡᠶ᠎ᠡ ᠶᠢᠨ ᠲᠣᠳᠣᠭᠠᠳᠣ ᠶᠢᠨ ᠡᠯ᠎ᠡ ᠵᠦᠢᠯ ᠤᠨ ᠴᠠᠬᠢᠯᠭᠠᠨ ᠠᠭᠤᠰᠣᠮᠠᠯ ᠤᠨ ᠲᠡᠩᠴᠡᠬᠦᠷᠢ ᠶᠢ ᠪᠠᠳᠣᠯᠠᠳᠠᠭ ᠲᠤᠯᠠ ᠬᠦᠮᠦᠨ ᠤ ᠪᠡᠶ᠎ᠡ ᠶᠢᠨ ᠠᠯᠢᠪᠠ ᠹᠢᠽᠢᠣᠯᠣᠬᠢ ᠶᠢᠨ ᠠᠵᠢᠯᠯᠠᠭ᠎ᠠ ᠣᠰᠣ ᠠᠴᠠ ᠰᠠᠯᠵᠦ ᠴᠢᠳᠠᠳᠠᠭ ᠦᠬᠡᠢ᠃ ᠬᠦᠮᠦᠨ ᠤ ᠪᠡᠶ᠎ᠡ ᠶᠢᠨ ᠬᠦᠨᠳᠣ ᠶᠢᠨ 65%~70% ᠶᠢ ᠣᠰᠣ ᠡᠵᠡᠯᠡᠳᠡᠭ ᠪᠣᠯᠬᠤᠷ ᠵᠠᠪᠠᠯ ᠣᠰᠣ ᠣᠣᠭᠤᠬᠤ ᠬᠡᠷᠡᠭᠳᠠᠢ ᠪᠠᠶᠢᠳᠠᠭ᠃ ᠬᠡᠪᠡᠴᠦ᠂ ᠬᠡᠳᠦᠢ ᠠᠷᠪᠢᠨ ᠣᠣᠭᠤᠪᠠᠯ ᠲᠡᠳᠦᠢ ᠰᠠᠶᠢᠨ ᠬᠡᠰᠡᠨ ᠣᠴᠢᠷ ᠪᠢᠰᠢ᠃ ᠬᠡᠷᠪᠡ᠂ ᠣᠬᠤᠷᠬᠠᠨ ᠴᠠᠭ ᠤᠨ ᠲᠣᠳᠣᠷ᠎ᠠ ᠶᠡᠭᠡ ᠬᠡᠮᠵᠢᠶ᠎ᠠ ᠪᠠᠷ ᠣᠰᠣ ᠣᠣᠭᠤᠭᠠᠳ ᠴᠠᠬᠢᠯᠭᠠᠨ ᠠᠭᠤᠰᠣᠮᠠᠯ ᠨᠥᠬᠦᠪᠦᠷᠢᠯᠡᠬᠦ ᠦᠬᠡᠢ ᠪᠣᠯ ᠣᠰᠣ ᠨᠢ ᠴᠢᠰᠣ ᠶᠢ ᠰᠢᠩᠬᠡᠯᠡᠵᠦ᠂ ᠴᠢᠰᠦᠨ ᠤ ᠡᠬᠡᠳᠡᠩ ᠤᠨ ᠨᠡᠪᠴᠢᠯᠳᠡ ᠶᠢᠨ ᠲᠠᠷᠣᠯᠳᠠ ᠲᠣᠷᠣᠭᠰᠢᠯᠠᠵᠦ᠂ ᠣᠰᠣ ᠨᠢ ᠡᠰ ᠤᠨ ᠬᠠᠯᠢᠰᠣ ᠢᠶᠠᠷ ᠡᠰ ᠲᠤ ᠨᠡᠪᠳᠡᠷᠡᠨ ᠣᠷᠣᠵᠦ᠂ ᠡᠰ ᠲᠤ ᠣᠰᠣᠨ ᠬᠠᠪᠣᠩ ᠡᠬᠦᠰᠬᠡᠨ᠂ ᠣᠰᠣᠨ ᠤ ᠬᠤᠣᠷᠳᠠᠯᠭ᠎ᠠ ᠶᠢ ᠡᠬᠦᠰᠬᠡᠳᠡᠭ᠃       ᠣᠰᠣᠨ ᠳᠤ ᠬᠦᠩᠬᠡᠨ ᠬᠤᠣᠷᠳᠠᠪᠠᠯ ᠲᠣᠯᠣᠭᠠᠢ ᠡᠷᠬᠢᠬᠦ᠂ ᠪᠦᠬᠡᠯᠵᠢᠰᠣ ᠬᠦᠷᠬᠦ᠂ ᠬᠦᠴᠦ ᠲᠠᠮᠢᠷ ᠦᠬᠡᠢ ᠪᠣᠯᠬᠤ᠂ ᠵᠢᠷᠣᠬᠡᠨ ᠤ ᠴᠣᠬᠢᠯᠳᠠ ᠲᠦᠷᠬᠡᠰᠬᠦ ᠵᠡᠷᠬᠡ ᠢᠯᠡᠷᠡᠯ ᠭᠠᠷᠳᠠᠭ᠃ ᠲᠦᠷᠬᠡᠨ ᠴᠢᠨᠠᠷᠳᠠᠢ ᠣᠰᠣᠨ ᠤ ᠬᠤᠣᠷᠳᠠᠯᠭ᠎ᠠ ᠶᠢᠨ ᠦᠶ᠎ᠡ ᠳᠤ᠂ ᠲᠠᠷᠢᠬᠢᠨ ᠤ ᠮᠡᠳᠡᠷᠡᠯ ᠤᠨ ᠡᠰ ᠬᠠᠪᠣᠩᠨᠠᠬᠤ ᠪᠣᠯᠣᠨ ᠭᠠᠪᠠᠯᠨ ᠶᠢᠨ ᠲᠣᠳᠣᠷᠠᠬᠢ ᠲᠠᠷᠣᠯᠳᠠ ᠦᠨᠳᠦᠷ ᠪᠣᠯᠳᠠᠭ ᠠᠴᠠ ᠬᠠᠷᠠᠭ᠎ᠠ ᠲᠣᠭᠳᠠᠬᠤ᠂ ᠦᠬᠡ ᠬᠡᠯᠡᠵᠦ ᠴᠢᠳᠠᠬᠤ ᠦᠬᠡᠢ ᠪᠣᠯᠬᠤ᠂ ᠣᠬᠠᠭᠠᠨ ᠰᠠᠨᠠᠭ᠎ᠠ ᠡᠬᠡᠳᠡᠷᠡᠬᠦ᠂ ᠪᠤᠬᠢᠨᠢᠳᠤᠬᠤ᠂ ᠬᠠᠷᠠᠭ᠎ᠠ ᠪᠦᠳᠡᠬᠡᠶᠢᠷᠡᠬᠦ᠂ ᠪᠣᠯᠴᠢᠩ ᠲᠠᠳᠠᠬᠤ᠂ ᠣᠨᠠᠬᠤ ᠴᠢᠨᠠᠭᠰᠢᠯᠠᠭᠠᠳ ᠮᠡᠳᠡᠭᠡ ᠠᠯᠳᠠᠬᠤ ᠵᠡᠷᠬᠡ ᠪᠠᠶᠢᠳᠠᠯ ᠢᠯᠡᠷᠡᠵᠦ᠂ ᠡᠨᠡ ᠨᠢ ᠲᠠᠷᠢᠬᠢᠨ ᠢᠪᠡᠷᠬᠡᠢ ᠪᠣᠯᠪᠠᠯ ᠠᠮᠢᠰᠬᠤᠯ᠂ ᠵᠢᠷᠣᠬᠡᠨ ᠤ ᠴᠣᠬᠢᠯᠳᠠ ᠶᠢ ᠵᠣᠭᠰᠣᠭᠠᠵᠦ ᠦᠬᠦᠬᠦᠯᠬᠦ ᠠᠶᠣᠯ ᠲᠠᠢ ᠪᠠᠶᠢᠳᠠᠭ᠃ ᠬᠡᠪᠡᠴᠦ᠂ ᠡᠶᠢᠮᠦ ᠪᠠᠶᠢᠳᠠᠯ ᠡᠬᠦᠰᠬᠦ ᠨᠣᠷᠮ᠎ᠠ ᠲᠦᠢᠯ ᠤᠨ ᠲᠣᠣᠷ᠎ᠠ ᠪᠠᠶᠢᠳᠠᠭ᠂ ᠰᠠᠨᠠᠭᠠᠨ ᠳᠤ ᠦᠬᠡᠢ ᠠᠴᠠ ᠪᠣᠯᠵᠦ ᠣᠰᠣᠨ ᠳᠤ ᠴᠠᠴᠠᠬᠤ᠂ ᠪᠦᠬᠡᠷᠦᠨ ᠤ ᠬᠦᠨᠳᠣ ᠡᠪᠡᠳᠴᠢᠳᠡᠨ ᠪᠣᠶᠣ ᠡᠰ ᠤᠨ ᠬᠠᠯᠢᠰᠣᠨ ᠳᠤ ᠣᠰᠣ ᠬᠡᠳᠦᠷᠬᠡᠢ ᠨᠡᠪᠴᠢᠬᠦ ᠵᠡᠷᠬᠡ ᠪᠠᠶᠢᠳᠠᠯ ᠳᠤ ᠡᠬᠦᠰᠳᠡᠭ᠃        ᠶᠠᠮᠠᠷ ᠬᠦᠮᠦᠰ ᠣᠰᠣᠨ ᠳᠤ ᠠᠮᠠᠷᠬᠠᠨ ᠬᠤᠣᠷᠳᠠᠳᠠᠭ ᠪᠣᠢ︖        ᠡᠩ ᠤᠨ ᠪᠠᠶᠢᠳᠠᠯ ᠳᠤ ᠣᠰᠣᠨ ᠤ ᠬᠤᠣᠷᠳᠠᠯᠭ᠎ᠠ ᠡᠬᠦᠰᠬᠦ ᠦᠬᠡᠢ᠃ ᠬᠡᠪᠡᠴᠦ᠂ ᠣᠬᠤᠷᠬᠠᠨ ᠴᠠᠭ ᠲᠤ ᠶᠡᠭᠡ ᠬᠡᠮᠵᠢᠶ᠎ᠠ ᠪᠠᠷ ᠣᠰᠣ ᠣᠣᠭᠤᠪᠠᠯ ᠠᠮᠠᠷᠬᠠᠨ ᠣᠰᠣᠨ ᠤ ᠬᠤᠣᠷᠳᠠᠯᠭ᠎ᠠ ᠡᠬᠦᠰᠳᠡᠭ᠃       ᠣᠰᠣ ᠣᠣᠭᠤᠪᠠᠯ ᠮᠠᠷᠢᠶ᠎ᠠ ᠰᠢᠭᠤᠷᠠᠭᠤᠯᠬᠤ ᠭᠡᠳᠡᠭ ᠢ ᠢᠳᠡᠬᠡᠳᠡᠭ ᠬᠦᠮᠦᠰ ᠣᠷᠳᠣ ᠬᠤᠭᠤᠴᠠᠭ᠎ᠠ ᠪᠠᠷ ᠶᠡᠭᠡ ᠬᠡᠮᠵᠢᠶᠠᠨ ᠤ ᠣᠰᠣ ᠣᠣᠭᠤᠪᠠᠯ ᠮᠠᠷᠢᠶ᠎ᠠ ᠰᠢᠭᠤᠷᠠᠭᠤᠯᠵᠦ ᠴᠢᠳᠠᠨ᠎ᠠ ᠬᠡᠵᠦ ᠦᠵᠡᠳᠡᠭ᠃ ᠪᠠᠰᠨ ᠵᠠᠷᠢᠮ ᠬᠦᠮᠦᠰ ᠵᠣᠨ ᠤ ᠣᠯᠠᠷᠢᠯ ᠳᠤ ᠭᠠᠳᠠᠭᠰᠢ ᠵᠣᠭᠠᠴᠠᠬᠤ ᠪᠣᠶᠣ ᠰᠢᠷᠦᠭᠦᠨ ᠬᠦᠳᠡᠯᠬᠡᠬᠡᠨ ᠬᠢᠬᠦ᠂ ᠬᠦᠨᠳᠣ ᠠᠵᠢᠯ ᠬᠢᠵᠦ ᠬᠦᠯᠦᠰᠦ ᠭᠠᠷᠣᠭᠰᠠᠨ ᠤ ᠲᠠᠷᠠᠭ᠎ᠠ ᠶᠡᠭᠡ ᠬᠡᠮᠵᠢᠶᠠᠨ ᠤ ᠬᠠᠷ᠎ᠠ ᠣᠰᠣ ᠣᠣᠭᠤᠳᠠᠭ᠃ ᠡᠳᠡᠭᠡᠷ ᠪᠤᠷᠤᠭᠤ ᠲᠠᠳᠬᠠᠯ ᠨᠢ ᠬᠦᠮᠦᠨ ᠤ ᠪᠡᠶ᠎ᠡ ᠶᠢᠨ ᠲᠣᠳᠣᠭᠠᠳᠣ ᠶᠢᠨ ᠴᠠᠬᠢᠯᠭᠠᠨ ᠠᠭᠤᠰᠣᠮᠠᠯ ᠢ ᠰᠠᠮᠠᠭᠤᠷᠠᠭᠤᠯᠵᠦ᠂ ᠣᠰᠣᠨ ᠤ ᠬᠤᠣᠷᠳᠠᠯ ᠢ ᠡᠬᠦᠰᠬᠡᠳᠡᠭ᠃        ᠡᠳᠦᠷ ᠪᠣᠯᠭᠠᠨ 8 ᠴᠣᠮᠣ ᠣᠰᠣ ᠣᠣᠭᠤᠬᠤ ᠬᠡᠷᠡᠭᠳᠠᠢ ᠤᠤ︖        ᠦᠪᠡᠷ ᠤᠨ ᠢᠶᠠᠨ ᠣᠰᠣ ᠭᠦᠢᠴᠡᠳ ᠤᠤᠭᠤᠭᠰᠠᠨ ᠡᠰᠡᠬᠦ ᠶᠢ ᠬᠡᠷᠬᠢᠨ ᠮᠠᠭᠠᠳᠯᠠᠬᠤ ᠪᠣᠢ︖         2013 ᠣᠨ ᠤ 5 ᠰᠠᠷ᠎ᠠ ᠳᠤ᠂ ᠲᠣᠮᠳᠠᠳᠣ ᠣᠯᠣᠰ ᠤᠨ ᠰᠢᠮ᠎ᠡ ᠲᠡᠵᠢᠬᠡᠯ ᠤᠨ ᠰᠣᠳᠣᠯᠭᠠᠨ ᠤ ᠨᠡᠶᠢᠬᠡᠮᠯᠢᠭ ᠠᠴᠠ ᠠᠩᠬ᠎ᠠ ᠣᠳᠠᠭ᠎ᠠ ᠲᠣᠮᠳᠠᠳᠣ ᠣᠯᠣᠰ ᠤᠨ ᠰᠠᠭᠤᠭᠠᠯᠢ ᠠᠷᠠᠳ ᠤᠨ ᠣᠰᠣ ᠶᠢ ᠵᠣᠬᠢᠰᠳᠠᠢ ᠣᠣᠭᠤᠬᠤ ᠬᠡᠮᠵᠢᠶ᠎ᠠ ᠶᠢ ᠨᠡᠶᠢᠳᠡᠯᠡᠭᠰᠡᠨ ᠪᠠᠶᠢᠨ᠎ᠠ᠄ ᠲᠣᠬᠠᠶᠢᠯᠠᠪᠠᠯ᠂ ᠬᠦᠮᠦᠨ ᠤ ᠪᠡᠶ᠎ᠡ ᠶᠢᠨ ᠡᠳᠦᠷ ᠪᠦᠷᠢ ᠶᠢᠨ ᠱᠠᠭᠠᠷᠳᠠᠬᠤ ᠣᠰᠣᠨ ᠤ ᠬᠡᠮᠵᠢᠶ᠎ᠠ ᠶᠢ 1500-1700 ᠮᠢᠯᠢᠯᠢᠳ᠋ᠷ ᠬᠡᠮᠡᠨ ᠲᠣᠭᠳᠠᠭᠠᠵᠡᠢ᠃        ᠡᠩ ᠤᠨ ᠨᠠᠰᠣᠨ ᠳᠤ ᠬᠦᠷᠦᠭᠰᠡᠨ ᠬᠦᠮᠦᠨ ᠡᠳᠦᠷ ᠪᠣᠯᠭᠠᠨ 2000 ᠣᠷᠴᠢᠮ ᠮᠢᠯᠢᠯᠢᠲᠷ ᠣᠰᠣ ᠤᠤᠭᠤᠬᠤ ᠬᠡᠷᠡᠭᠳᠠᠢ᠂ ᠡᠬᠦᠨ ᠳᠤ ᠣᠰᠣ ᠣᠣᠭᠤᠬᠤ ᠪᠣᠯᠣᠨ ᠢᠳᠡᠬᠡᠨ ᠠᠴᠠ ᠣᠰᠣ ᠨᠥᠬᠦᠪᠦᠷᠢᠯᠡᠬᠦ ᠵᠡᠷᠬᠡ ᠪᠠᠭᠳᠠᠵᠦ ᠪᠣᠢ᠃ ᠬᠦᠮᠦᠨ ᠪᠣᠯᠭᠠᠨ ᠡᠳᠦᠷ ᠪᠦᠷᠢ 8 ᠴᠣᠮᠣ ᠣᠰᠣ ᠣᠣᠭᠤᠬᠤ ᠬᠡᠷᠡᠭᠳᠠᠢ ᠤᠤ︖ ᠡᠭᠦᠨ ᠳᠤ ᠪᠢᠳᠠᠨ ᠤ ᠡᠳᠦᠷ ᠪᠦᠷᠢ ᠶᠢᠨ ᠭᠤᠷᠪᠠᠨ ᠡᠷᠢᠨ ᠤ ᠬᠤᠭᠤᠯᠠᠨ ᠳᠤ ᠬᠡᠳᠦᠢ ᠣᠰᠣ ᠠᠭᠤᠯᠠᠭᠳᠠᠵᠦ ᠪᠠᠶᠢᠭ᠎ᠠ ᠶᠢ ᠦᠵᠡᠬᠦ ᠬᠡᠷᠡᠭᠳᠠᠢ ᠶᠣᠮ᠃ ᠪᠢᠳᠠᠨ ᠤ ᠡᠩ ᠤᠨ ᠦᠶ᠎ᠡ ᠶᠢᠨ ᠬᠤᠭᠤᠯᠠᠨ ᠳᠤ᠂ ᠵᠢᠱᠢᠶᠡᠯᠡᠪᠡᠯ᠂ ᠢᠳᠡᠰᠢᠨ ᠨᠣᠭᠤᠭ᠎ᠠ᠂ ᠵᠢᠮᠢᠰ᠂ ᠣᠮᠳᠠᠭᠠᠨ ᠵᠡᠷᠬᠡ ᠪᠦᠬᠦᠨ ᠳᠤ ᠣᠰᠣ ᠠᠭᠤᠯᠠᠭᠳᠠᠵᠦ ᠪᠣᠢ᠃ ᠬᠡᠷᠪᠡ ᠪᠦᠬᠦᠯᠢ ᠡᠳᠦᠷ ᠢᠶᠠᠷ ᠱᠦᠯᠦ ᠲᠠᠢ ᠬᠤᠭᠤᠯᠨ᠂ ᠵᠢᠮᠢᠰ ᠨᠣᠭᠤᠭ᠎ᠠ ᠢᠳᠡᠴᠢᠬᠡᠬᠡᠳ ᠪᠠᠰᠨ 8 ᠴᠣᠮᠣ ᠣᠰᠣ ᠣᠣᠭᠤᠬᠤ ᠳᠤ ᠬᠦᠷᠪᠡᠯ᠂ ᠪᠡᠶ᠎ᠡ ᠶᠢᠨ ᠲᠣᠳᠣᠭᠠᠳᠣ ᠶᠢᠨ ᠣᠰᠣ ᠬᠡᠳᠦᠷᠡᠬᠦ ᠪᠣᠯᠣᠮᠵᠢ ᠲᠠᠢ᠃ ᠣᠨᠴᠠᠭᠠᠶᠢᠯᠠᠨ ᠵᠢᠷᠦᠬᠡ᠂ ᠡᠯᠢᠬᠡᠨ ᠤ ᠠᠵᠢᠯᠯᠠᠭ᠎ᠠ ᠮᠠᠭᠤ ᠬᠦᠮᠦᠰ ᠲᠤ ᠠᠪᠴᠦ ᠬᠡᠯᠡᠪᠡᠯ ᠨᠡᠩ ᠬᠡᠳᠦᠷᠡᠭᠰᠡᠨ ᠶᠠᠪᠣᠳᠠᠯ ᠪᠣᠯᠣᠨ᠎ᠠ᠃ ᠬᠡᠪᠡᠴᠦ᠂ ᠣᠣᠭᠤᠬᠤ ᠣᠰᠣᠨ ᠤ ᠬᠡᠮᠵᠢᠶ᠎ᠠ ᠶᠢ ᠵᠠᠪᠠᠯ ᠨᠠᠷᠢᠨ ᠣᠨᠣᠪᠴᠢᠳᠠᠢ ᠪᠠᠶᠢᠯᠭᠠᠬᠤ ᠶᠣᠰᠣᠳᠠᠢ ᠬᠡᠰᠡᠨ ᠣᠴᠢᠷ  ᠪᠢᠰᠢ ᠶᠣᠮ᠃        ᠣᠰᠣᠨ ᠳᠤ ᠬᠤᠣᠷᠳᠠᠭᠳᠠᠪᠠᠯ ᠬᠡᠷᠬᠢᠨ ᠰᠢᠢᠳᠪᠣᠷᠢᠯᠡᠬᠦ ᠪᠣᠢ︖ ᠬᠡᠷᠪᠡ ᠬᠦᠮᠦᠨ ᠣᠰᠣᠨ ᠳᠤ ᠬᠤᠣᠷᠳᠠᠭᠳᠠᠪᠠᠯ᠂ ᠬᠦᠩᠬᠡᠨ ᠰᠢᠭ ᠬᠤᠣᠷᠳᠠᠭᠳᠠᠭᠰᠠᠨ ᠨᠢ ᠣᠰᠣᠨ ᠤ ᠬᠡᠮᠵᠢᠶ᠎ᠠ ᠪᠠᠨ ᠲᠣᠬᠢᠷᠠᠭᠤᠯᠴᠢᠬᠠᠪᠠᠯ ᠪᠣᠯᠴᠢᠬᠠᠨ᠎ᠠ᠃ ᠬᠡᠪᠡᠴᠦ᠂ ᠪᠠᠶᠢᠳᠠᠯ ᠬᠦᠨᠳᠣ ᠪᠣᠯ ᠴᠠᠭ ᠲᠣᠬᠠᠢ ᠳᠤ ᠨᠢ ᠡᠮᠨᠡᠯᠬᠡ ᠳᠤ ᠣᠴᠢᠨ᠂ ᠰᠢᠬᠡᠯᠬᠡᠬᠦ ᠡᠮ ᠢᠶᠠᠷ ᠪᠡᠶ᠎ᠡ ᠶᠢᠨ ᠲᠣᠳᠣᠭᠠᠳᠣ ᠶᠢᠨ ᠣᠰᠣ ᠶᠢ ᠭᠠᠳᠠᠭᠰᠢᠯᠠᠭᠤᠯᠵᠦ᠂ ᠴᠠᠬᠢᠯᠭᠠᠨ ᠠᠭᠤᠰᠣᠮᠠᠯ ᠨᠦᠬᠦᠨ᠂ ᠪᠡᠶ᠎ᠡ ᠶᠢᠨ ᠰᠢᠩᠬᠡᠨ ᠤ ᠨᠡᠪᠴᠢᠯᠳᠡ ᠶᠢᠨ ᠪᠠᠶᠢᠳᠠᠯ ᠢ ᠨᠠᠮᠳᠠᠭᠠᠵᠦ᠂ ᠵᠢᠷᠣᠬᠡᠨ ᠤ ᠠᠵᠢᠯᠯᠠᠭ᠎ᠠ ᠶᠢ ᠠᠩᠬᠠᠷᠬᠤ ᠬᠡᠷᠡᠭᠳᠠᠢ᠃        ᠣᠰᠣ ᠶᠢ ᠬᠡᠷᠬᠢᠨ ᠵᠣᠬᠢᠰᠳᠠᠢ ᠣᠣᠭᠤᠬᠤ ᠪᠣᠢ︖        ᠣᠰᠣ ᠣᠣᠭᠤᠬᠤ ᠭᠤᠷᠪᠠᠨ ᠦᠨᠳᠦᠰᠦᠨ ᠵᠠᠷᠴᠢᠮ — ᠪᠠᠭ᠎ᠠ ᠣᠣᠭᠤᠬᠤ᠂ ᠪᠠᠶᠢᠨ ᠳᠠᠬᠢᠨ ᠣᠣᠭᠤᠬᠤ ᠂ ᠣᠳᠠᠭᠠᠨ ᠣᠣᠭᠤᠬᠤ᠃        1. ᠪᠦᠯᠢᠶᠡᠨ ᠣᠰᠣ ᠣᠣᠭᠤᠨ᠎ᠠ᠃ ᠣᠮᠳᠠᠭᠠᠨ᠂ ᠺᠤᠹᠧ ᠪᠣᠶᠣ ᠴᠠᠢ ᠪᠠᠷ ᠣᠰᠣ ᠶᠢ ᠣᠷᠣᠯᠠᠭᠤᠯᠵᠤ ᠪᠣᠯᠬᠤ ᠦᠭᠡᠢ᠃        2. ᠣᠮᠳᠠᠭᠠᠰᠣᠭᠰᠠᠨ ᠦᠶ᠎ᠡ ᠳᠤ ᠨᠢᠬᠡ ᠠᠮᠢᠰᠬᠤᠭ᠎ᠠ ᠪᠠᠷ ᠣᠣᠭᠤᠬᠤ ᠦᠬᠡᠢ᠂ ᠨᠢᠬᠡ ᠣᠳᠠᠭ᠎ᠠ ᠳᠤ  200 ᠮᠢᠯᠢᠯᠢᠲᠷ ᠠᠴᠠ ᠬᠡᠳᠦᠷᠡᠬᠦᠯᠬᠦ ᠦᠬᠡᠢ᠂ ᠣᠳᠠᠭ᠎ᠠ ᠪᠦᠷᠢ 100-150 ᠮᠢᠯᠢᠯᠢᠳ᠋ᠷ ᠣᠣᠭᠤᠵᠦ᠂ ᠬᠤᠭᠤᠷᠣᠨᠳᠣ ᠨᠢ ᠬᠠᠭᠠᠰ ᠴᠠᠭ ᠠᠯᠣᠰᠯᠠᠪᠠᠯ ᠬᠠᠮᠤᠭ ᠤᠨ ᠲᠣᠬᠢᠷᠠᠮᠵᠢᠳᠠᠢ᠃        3. ᠬᠡᠷᠪᠡ ᠬᠦᠯᠦᠰᠦ ᠶᠡᠭᠡ ᠭᠠᠷᠣᠭᠰᠠᠨ ᠪᠣᠯ᠂ ᠲᠠᠪᠣᠰᠣ ᠲᠠᠢ ᠣᠰᠣ ᠣᠣᠭᠤᠵᠦ ᠡᠷᠦᠳᠡᠰᠦ ᠶᠢᠨ ᠲᠠᠪᠣᠰᠣ ᠨᠥᠬᠦᠪᠦᠷᠢᠯᠡᠬᠦ ᠬᠡᠷᠡᠭᠳᠠᠢ᠃ ᠡᠶᠢᠮᠦ ᠠᠴᠠ ᠣᠰᠣ ᠣᠣᠭᠤᠬᠤ ᠪᠣᠯ ᠨᠢᠬᠡ ᠵᠦᠢᠯ ᠤᠨ ᠡᠷᠳᠡᠮ ᠪᠣᠯᠤᠨ᠎ᠠ᠂ ᠪᠣᠷᠣᠭᠤ ᠣᠣᠭᠤᠪᠠᠯ ᠬᠦᠨᠳᠣ ᠨᠣᠴᠢᠳᠠᠢ ᠪᠠᠶᠢᠳᠠᠯ ᠳᠤ ᠲᠣᠯᠭᠠᠷᠠᠬᠤ ᠪᠣᠯᠬᠤᠷ ᠠᠩᠬᠠᠷᠬᠤ ᠬᠡᠷᠡᠭᠳᠠᠢ᠃                     ᠢᠷᠡᠯᠳᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ                     ᠪᠡᠯᠡᠳᠬᠡᠭᠰᠡᠨ ᠨᠢ᠄ ᠭᠧ ᠲᠣᠸᠠᠨ ᠯᠢᠶᠡᠨ  
 
ᠢᠷᠡᠯᠲᠡ᠄ ᠲᠤᠮᠳᠠᠳᠣ ᠣᠯᠣᠰ ᠤᠨ ᠮᠣᠩᠭᠤᠯ ᠷᠠᠳᠢᠣ᠋ ᠰᠦᠯᠵᠢᠶ᠎ᠡ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号