ᠵᠢᠶᠠ ᠷᠦᠢ ᠰᠢᠶᠠᠨ ᠪᠣᠯᠤᠨ ᠲᠡᠭᠦᠨ ᠤ ᠬᠠᠩᠭᠠᠨ ᠪᠣᠷᠣᠯᠠᠭᠤᠯᠬᠤ ᠬᠤᠷᠰᠢᠶ᠎ᠠ ᠶᠢᠨ ᠦᠯᠢᠭᠡᠷ 
ᠨᠡᠶᠢᠲᠡᠯᠡᠭᠰᠡᠨ ᠴᠠᠭ᠄
2019-10-12
                                              ᠡᠨᠡ ᠵᠢᠯ 88 ᠨᠠᠰᠤᠲᠠᠶ ᠠᠵᠢᠯ ᠠᠴᠠ ᠪᠠᠨ ᠠᠮᠠᠷᠠᠭᠰᠠᠨ ᠠᠬᠠᠮᠠᠳ ᠺᠠᠳ᠋ᠷ ᠵᠢᠶᠠ ᠷᠦᠢ ᠰᠢᠶᠠᠨ ᠵᠠᠯᠠᠭᠤ ᠦᠶ᠎ᠡ  ᠠᠴᠠ ᠪᠠᠨ ᠠᠪᠤᠭᠠᠳ ᠮᠠᠨ ᠤ ᠬᠤᠰᠢᠭᠤᠨ ᠤ ᠬᠠᠩᠭᠠᠨ ᠪᠣᠷᠣᠯᠠᠭᠤᠯᠬᠤ ᠬᠤᠷᠰᠢᠶ᠎ᠠ ᠳᠤ ᠠᠵᠢᠯᠯᠠᠵᠤ᠂ 35 ᠵᠢᠯ ᠤᠨ ᠬᠤᠳᠠᠯᠳᠤᠭᠠᠨ ᠤ ᠰᠢᠰᠲ᠋ᠧᠮ ᠤᠨ ᠠᠵᠢᠯ ᠬᠢᠭᠰᠡᠨ ᠦᠩᠭᠡᠷᠡᠯᠳᠡ ᠲᠠᠢ᠂ ᠲᠡᠷᠡ ᠦᠩᠭᠡᠷᠡᠭᠰᠡᠨ ᠤ ᠬᠤᠷᠰᠢᠶ᠎ᠠ ᠶᠢᠨ ᠠᠵᠢᠯ ᠪᠣᠯᠤᠨ ᠴᠠᠬᠠᠷ ᠪᠠᠷᠠᠭᠤᠨ ᠭᠠᠷᠤᠨ ᠲᠤᠮᠳᠠᠳᠤ ᠬᠤᠰᠢᠭᠤᠨ ᠤ  ᠬᠤᠳᠠᠯᠳᠤᠭᠠᠨ ᠤ ᠬᠠᠩᠭᠠᠨ ᠪᠣᠷᠣᠯᠠᠭᠤᠯᠬᠤ ᠬᠤᠷᠰᠢᠶ᠎ᠠ ᠶᠢᠨ ᠤᠴᠢᠷ ᠶᠠᠪᠤᠳᠠᠯ ᠤᠳ ᠢᠶᠠᠨ ᠡᠷᠭᠢᠴᠡᠭᠦᠯᠭᠦ ᠳᠤ ᠶᠠᠷᠢᠭᠠᠳ ᠪᠠᠷᠠᠰᠢ ᠦᠭᠡᠢ ᠦᠯᠢᠭᠡᠷ ᠲᠠᠢ ᠪᠠᠶᠢᠯ᠎ᠠ᠃

     1931 ᠣᠨ ᠳᠤ ᠱᠠᠨ ᠰᠢ ᠳ᠋ᠠᠲ᠋ᠦ᠋ᠡᠭ ᠳᠤ ᠮᠡᠨᠳᠤᠯᠡᠭᠰᠡᠨ ᠵᠢᠶᠠ ᠷᠦᠢ ᠰᠢᠶᠠᠨ᠂ 18 ᠨᠠᠰᠤᠲᠠᠶ ᠳᠠᠭᠠᠨ

ᠬᠤᠪᠢᠰᠬᠠᠯ ᠳᠤ ᠣᠷᠣᠯᠴᠠᠵᠤ᠂ 1949 ᠣᠨ ᠳᠤ ᠤᠤᠯ ᠤᠨ ᠲᠤᠤ ᠯᠢᠨ ᠰᠢᠶᠠᠨ ᠤ ᠬᠠᠩᠭᠠᠨ ᠪᠣᠷᠣᠯᠠᠭᠤᠯᠬᠤ

ᠬᠤᠷᠰᠢᠶ᠎ᠠ ᠳᠤ ᠬᠤᠪᠢᠶᠠᠭᠳᠠᠨ ᠠᠵᠢᠯᠯᠠᠵᠤ᠂ ᠨᠢᠭᠡᠨ ᠪᠠᠷᠠᠭ᠎ᠠ ᠬᠤᠳᠠᠯᠳᠤᠭᠴᠢ ᠪᠣᠯᠪᠠ᠃ ᠲᠤᠬᠠᠶ ᠶᠢᠨ ᠦᠶ᠎ᠡ ᠳᠤ

ᠲᠡᠶᠢᠮᠦ ᠴᠢᠨᠡᠬᠡᠯᠢᠭ ᠪᠢᠰᠢ ᠤᠴᠢᠷ ᠠᠴᠠ ᠴᠠᠯᠢᠩ ᠨᠢ ᠪᠦᠷ ᠨᠠᠷᠢᠮᠤ ᠪᠤᠳᠠᠭ᠎ᠠ ᠪᠠᠷ ᠣᠷᠣᠯᠠᠭᠳᠠᠵᠤ ᠪᠠᠶᠢᠵᠠᠢ᠂

ᠬᠤᠪᠴᠠᠰᠤ ᠬᠤᠨᠠᠷ ᠢ ᠨᠢ ᠴᠤ ᠪᠠᠶᠢᠭᠤᠯᠭ᠎ᠠ ᠠᠴᠠ ᠥᠭᠴᠦ᠂ ᠠᠮᠤ ᠭᠦᠨᠡᠰᠤ ᠪᠠᠨ ᠬᠥᠮᠦᠰ ᠰᠠᠷ᠎ᠠ ᠪᠦᠷᠢ  ᠶᠡᠭᠡ  

ᠠᠷᠪᠢᠯᠠᠨ ᠵᠠᠷᠤᠳᠠᠭ ᠪᠠᠶᠢᠵᠠᠢ  ᠃

     ᠰᠤᠷᠪᠤᠯᠵᠢᠯᠠᠭ᠎ᠠ᠄  ᠠᠬᠠᠮᠠᠳ ᠺᠠᠳ᠋ᠷ  ᠄  ᠵᠢᠶᠠ ᠷᠦᠢ ᠰᠢᠶᠠᠨ

     ᠲᠠᠪᠢᠭᠠᠳ ᠤᠨ᠂ ᠵᠢᠷᠠᠭᠠᠳ ᠤᠨ ᠠᠴᠠ ᠳᠠᠯᠠᠭᠠᠳ ᠤᠨ ᠣᠨ ᠤ ᠡᠬᠢ ᠪᠣᠯᠲᠠᠯ᠎ᠠ᠂ ᠡᠳ᠋ ᠪᠣᠳᠠᠰ

ᠬᠤᠮᠰᠠᠳᠠᠭᠰᠠᠨ ᠠᠴᠠ ᠪᠣᠯᠵᠤ᠂ ᠭᠡᠷᠡᠴᠢ ᠪᠠᠷᠢᠮᠲᠠ ᠪᠠ ᠪᠢᠯᠧᠲ ᠶᠢᠨ ᠬᠠᠩᠭᠠᠯᠭ᠎ᠠ ᠭᠡᠷᠡᠭᠵᠢᠭᠦᠯᠵᠦ ᠪᠠᠶᠢᠵᠠᠢ᠂

ᠵᠢᠱᠢᠶᠡᠯᠡᠪᠡᠯ ᠪᠥᠰ ᠠᠪᠬᠤ ᠳᠤ ᠪᠦᠰ ᠤᠨ ᠪᠢᠯᠧᠲ ᠠᠪᠤᠨ᠎ᠠ᠂ ᠬᠥᠪᠥᠩ ᠠᠪᠤᠪᠠᠯ  ᠭᠦᠪᠦᠩ ᠤᠨ ᠪᠢᠯᠧᠲ ᠭᠡᠷᠡᠭᠯᠡᠨ᠎ᠡ

 ᠂ ᠮᠢᠬ᠎ᠠ᠂ ᠨᠡᠭᠦᠷᠡᠰᠦᠨ ᠲᠣᠰᠣ ᠠᠪᠤᠪᠠᠯ  ᠮᠢᠬ᠎ᠠ ᠪᠤᠶᠤ ᠨᠡᠭᠦᠷᠡᠰᠦᠨ ᠲᠣᠰᠣᠨ ᠤ ᠪᠢᠯᠧᠲ ᠠᠪᠤᠳᠠᠭ ᠪᠠᠶᠢᠵᠠᠢ᠂

ᠲᠡᠷᠡ ᠣᠶᠶ᠎ᠠ ᠳᠤ ᠶᠠᠭᠤ ᠠᠪᠤᠭᠰᠠᠨ ᠴᠤ ᠪᠦᠷ ᠶᠠᠭᠤᠨ ᠤ ᠬᠢᠨ ᠪᠢᠯᠧᠲ ᠪᠠᠷᠢᠮᠲᠠ ᠠᠪᠤᠳᠠᠭ ᠪᠠᠶᠢᠵᠠᠢ᠃

     ᠲᠠᠪᠢ ᠵᠢᠷᠠᠭᠠᠳ ᠤᠨ ᠳᠤ ᠣᠯᠠᠨ ᠲᠦᠮᠡᠨ ᠤ ᠦᠢᠯᠡᠳᠪᠤᠷᠢᠯᠠᠯ ᠠᠮᠢᠳᠤᠷᠠᠯ ᠶᠠᠳᠠᠭᠤ ᠵᠦᠳᠡᠭᠦᠤ ᠪᠠᠶᠢᠵᠤ᠂

ᠬᠤᠳᠠᠯᠳᠤᠨ ᠠᠪᠬᠤ ᠶᠢ ᠥᠷᠭᠡᠳᠬᠡᠬᠦ ᠪᠠᠷ ᠳᠠᠮᠵᠢᠨ᠂ ᠬᠠᠮᠲᠤ ᠪᠠᠷ ᠠᠰᠢᠭ ᠬᠦᠷᠲᠡᠬᠦ ᠶᠢ ᠴᠢᠩᠭᠠᠳᠬᠠᠵᠤ᠂  

ᠦᠢᠯᠡᠳᠪᠤᠷᠢᠯᠡᠯ ᠢ ᠲᠡᠳᠬᠦᠨ ᠳᠠᠮᠵᠢᠵᠤ᠂ ᠠᠷᠠᠳ ᠤᠨ ᠠᠮᠢᠳᠤᠷᠠᠯ ᠢ ᠰᠠᠶᠢᠵᠢᠷᠠᠭᠤᠯᠪᠠ᠂ ᠲᠤᠬᠠᠶ ᠦᠶ᠎ᠡ ᠶᠢᠨ

ᠬᠠᠲᠠᠭᠤ ᠪᠡᠷᠬᠡᠰᠢᠶᠡᠯᠲᠡᠶ ᠨᠥᠬᠦᠴᠡᠯ ᠳᠣᠤᠷ᠎ᠠ᠂ ᠵᠢᠶᠠ ᠷᠦᠢ ᠰᠢᠶᠠᠨ ᠪᠣᠯᠤᠨ ᠬᠠᠮᠲᠤ ᠠᠵᠢᠯᠯᠠᠭᠰᠠᠳ ᠡᠭᠦᠨ ᠤ

ᠲᠥᠯᠥᠭᠡ ᠮᠠᠰᠢ ᠣᠯᠠᠨ ᠬᠠᠲᠠᠭᠤ ᠰᠢᠷᠭᠠᠭᠤ ᠬᠥᠳᠡᠯᠮᠦᠷᠢ ᠭᠦᠴᠦ ᠵᠠᠷᠤᠴᠠᠭᠤᠯᠤᠭᠰᠠᠨ ᠪᠠᠶᠢᠨ᠎ᠠ᠃

     ᠰᠤᠷᠪᠤᠯᠵᠢᠯᠠᠭ᠎ᠠ᠄  ᠠᠬᠠᠮᠠᠳ ᠺᠠᠳ᠋ᠷ᠄  ᠵᠢᠶᠠ ᠷᠦᠢ ᠰᠢᠶᠠᠨ

     1968 ᠣᠨ ᠳᠤ᠂ ᠮᠠᠨ ᠤ ᠲᠤᠮᠳᠠᠳᠤ ᠬᠤᠰᠢᠭᠤᠨ ᠳᠤ ᠨᠡᠭᠦᠷᠡᠰᠦ ᠥᠬᠡᠶ᠂ ᠣᠯᠠᠨ ᠲᠦᠮᠡᠨ ᠲᠦᠯᠡᠬᠦ

ᠨᠡᠭᠦᠷᠡᠰᠦ ᠥᠬᠡᠶ᠃ ᠰᠡᠭᠦᠯᠡᠷ ᠨᠢ ᠪᠢ ᠭᠤᠷᠪᠠᠨ ᠬᠠᠨᠢ ᠨᠦᠭᠦᠳ ᠢᠶᠠᠨ ᠳᠠᠭᠠᠭᠤᠯᠵᠤ᠂  ᠳ᠋ᠠᠲ᠋ᠦ᠋ᠡᠭ  ᠳᠤ ᠭᠦᠷᠴᠦ

ᠫᠢᠩ ᠸᠠᠩ ᠠᠴᠠ ᠨᠡᠭᠦᠷᠡᠰᠦ ᠲᠡᠭᠡᠭᠡᠪᠦᠷᠢᠯᠡᠵᠦ᠂ ᠨᠡᠭᠦᠷᠡᠰᠦᠨ ᠠᠭᠤᠷᠬᠠᠢ  ᠠᠴᠠ ᠲᠡᠷᠭᠡᠨ ᠥᠷᠲᠡᠭᠡᠨ ᠳᠤ ᠠᠪᠠᠴᠢᠨ

ᠳᠠᠬᠢᠨ ᠵᠢᠨᠢᠩ ᠳᠤ ᠢᠯᠡᠭᠡᠵᠦ᠂ ᠲᠠᠭᠢᠨ ᠵᠢᠨᠢᠩ ᠠᠴᠠ ᠮᠠᠨ ᠤ   ᠲᠤᠮᠳᠠᠳᠤ ᠬᠤᠰᠢᠭᠤ ᠭᠦᠷᠳᠡᠯ᠎ᠡ  ᠭᠦᠷᠭᠡᠳᠡᠭ᠂

ᠲᠤᠬᠠᠶ ᠶᠢᠨ ᠣᠶᠶ᠎ᠠ ᠳᠤ ᠭᠠᠯ ᠳᠤ ᠲᠤᠯᠠᠭᠠᠴᠠᠬᠤ ᠬᠦᠴᠢᠷᠳᠡᠵᠦ᠂ ᠨᠡᠶᠢᠲᠡ 6᠂ 7 ᠵᠠᠭᠤᠨ ᠲᠣᠨ  ᠨᠡᠭᠦᠷᠡᠰᠦ  

ᠠᠪᠴᠢᠷᠠᠳᠠᠭ᠂ ᠲᠡᠭᠡᠭᠡᠳ ᠲᠤᠬᠠᠶ ᠶᠢᠨ ᠦᠶ᠎ᠡ ᠶᠢᠨ ᠪᠠᠶᠢᠭᠤᠯᠭ᠎ᠠ ᠪᠠ ᠰᠤᠷᠤᠭᠴᠢᠳ ᠤᠨ ᠲᠤᠯᠠᠭᠠᠴᠠᠬᠤ ᠨᠡᠭᠦᠷᠡᠰᠦ

ᠪᠣᠯᠤᠨ ᠬᠤᠲᠠ ᠶᠢᠨ  ᠢᠷᠭᠡᠳ ᠤᠨ ᠬᠡᠷᠡᠭᠯᠡᠬᠦ ᠨᠡᠭᠦᠷᠡᠰᠦ ᠶᠢ ᠰᠢᠢᠳᠪᠦᠷᠢᠯᠡᠳᠡᠭ᠂ ᠡᠨᠡ ᠬᠤᠭᠤᠷᠣᠨᠳᠣ ᠪᠢ  

ᠲᠤᠮᠳᠠᠳᠤ ᠬᠤᠰᠢᠭᠤᠨ ᠠᠴᠠ  ᠳ᠋ᠠᠲ᠋ᠦ᠋ᠡᠭ ᠬᠦᠷᠲᠡᠯ᠎ᠡ ᠮᠠᠰᠢᠨ ᠲᠡᠷᠭᠡᠨ ᠳᠤ  ᠨᠠᠰᠢ ᠴᠠᠰᠢ ᠰᠠᠭᠤᠵᠤ ᠶᠠᠪᠤᠳᠠᠭ᠂ ᠨᠢᠭᠡ

ᠤᠳᠠᠭ᠎ᠠ ᠳ᠋ᠠᠲ᠋ᠦ᠋ᠡᠭ ᠠᠴᠠ ᠵᠢᠨᠢᠩ ᠳᠤ  ᠬᠠᠷᠢᠬᠤ ᠳᠤ ᠭᠦᠢᠳᠡᠷᠡᠵᠦ᠂ ᠬᠦᠢᠳᠡᠨᠰᠢᠯᠢ ᠳᠡᠭᠡᠷ᠎ᠡ ᠴᠠᠰᠤ ᠰᠢᠭᠤᠷᠠᠭᠠᠳ᠂  

ᠴᠠᠶᠢᠶ᠋ᠢᠦ ᠲᠡᠷᠭᠡ ᠴᠦ ᠬᠦᠢᠳᠡᠨ ᠳᠤ ᠤᠨᠳᠠᠷᠠᠵᠦ᠂ ᠬᠥᠳᠡᠯᠭᠡᠵᠦ  ᠲᠡᠶᠢᠯᠬᠦ ᠦᠭᠡᠢ ᠪᠣᠯᠵᠠᠶ᠃ ᠪᠢ ᠲᠡᠷᠡ ᠣᠶᠶ᠎ᠠ ᠳᠤ

ᠬᠡᠳᠦ᠋ᠢᠪᠡᠷ ᠮᠠᠯᠠᠭᠠᠢ ᠵᠡᠭᠦᠭᠰᠡᠨ ᠪᠣᠯᠪᠠᠴᠤ ᠴᠢᠬᠢ ᠪᠠᠨ ᠪᠥᠭᠯᠡᠵᠦ  ᠲᠠᠶᠢᠯᠦᠭᠰᠡᠨ ᠦᠭᠡᠢ᠂  ᠰᠡᠭᠦᠯ ᠳᠤ ᠴᠢᠬᠢ ᠪᠠᠨ

ᠪᠦᠷ ᠬᠦᠯᠳᠡᠴᠢᠭᠡᠵᠡᠢ ᠭᠡᠯ᠎ᠠ᠃

     ᠥᠭᠡᠷᠡᠴᠢᠯᠠᠯᠳᠡ ᠨᠡᠭᠡᠭᠡᠯᠲᠡ ᠬᠢᠬᠦ ᠠᠴᠠ ᠡᠮᠦᠨᠡᠬᠢ ᠬᠡᠳᠦᠨ ᠠᠷᠪᠠᠨ ᠵᠢᠯ ᠳᠤ᠂ ᠠᠷᠠᠳ ᠲᠦᠮᠡᠨ ᠤ

ᠠᠮᠢᠳᠤᠷᠠᠯ ᠤᠨ ᠬᠡᠷᠡᠭᠰᠡᠯ ᠪᠠ ᠦᠢᠯᠡᠳᠪᠤᠷᠢᠯᠡᠯ ᠤᠨ ᠬᠡᠷᠡᠭᠰᠡᠯ ᠴᠥᠮ ᠬᠠᠩᠭᠠᠨ ᠪᠣᠷᠣᠯᠠᠭᠤᠯᠬᠤ ᠬᠤᠷᠰᠢᠶ᠎ᠠ ᠠᠴᠠ

ᠰᠠᠯᠵᠤ ᠴᠢᠳᠠᠬᠤ ᠦᠭᠡᠢ ᠪᠠᠶᠢᠵᠠᠢ᠃ ᠭᠡᠪᠡᠴᠦ ᠥᠭᠡᠷᠡᠴᠢᠯᠡᠯᠲᠡ ᠨᠡᠭᠡᠭᠡᠯᠲᠡ ᠬᠢᠭᠰᠡᠨ ᠤ ᠳᠠᠷᠠᠭ᠎ᠠ᠂ ᠲᠠᠸᠠᠷ

ᠠᠭᠠᠵᠢᠮ ᠢᠶᠠᠷ ᠪᠠᠶᠠᠯᠢᠭᠵᠢᠵᠤ᠂ ᠤᠯᠤᠰ ᠠᠴᠠ ᠲᠠᠸᠠᠷ ᠤᠨ ᠠᠷᠠᠯᠵᠢᠶᠠᠨ ᠤ ᠲᠥᠷᠥ ᠶᠢᠨ ᠪᠣᠳᠣᠯᠭ᠎ᠠ ᠶᠢ ᠠᠯᠬᠤᠮ

ᠠᠯᠬᠤᠮ ᠢᠶᠠᠷ ᠬᠦᠴᠦᠨ ᠦᠭᠡᠢ ᠪᠣᠯᠭᠠᠵᠤ᠂ ᠬᠠᠩᠭᠠᠯᠭ᠎ᠠ ᠶᠢᠨ ᠬᠤᠷᠰᠢᠶ᠎ᠠ ᠶᠢᠨ ᠪᠠᠶᠢᠷᠢ ᠰᠠᠭᠤᠷᠢ ᠨᠢ ᠤᠤᠯ ᠤᠨ ᠬᠢ

ᠰᠢᠭ ᠲᠡᠶᠢᠮᠦ ᠴᠢᠬᠤᠯᠠ ᠪᠢᠰᠢ ᠪᠣᠯᠵᠠᠶ᠂ ᠭᠡᠪᠡᠴᠦ ᠵᠢᠶᠠ ᠷᠦᠢ ᠰᠢᠶᠠᠨ ᠣᠳᠣ ᠶᠢᠨ ᠠᠮᠢᠳᠤᠷᠠᠯ ᠳᠠᠭᠠᠨ ᠮᠠᠰᠢ

ᠬᠠᠨᠤᠮᠵᠢᠲᠠᠶ  ᠪᠠᠶᠢᠯ᠎ᠠ᠃

      ᠰᠤᠷᠪᠤᠯᠵᠢᠯᠠᠭ᠎ᠠ᠄ ᠠᠬᠠᠮᠠᠳ ᠺᠠᠳ᠋ᠷ᠄ ᠵᠢᠶᠠ ᠷᠦᠢ ᠰᠢᠶᠠᠨ

      ᠤᠯᠤᠰ  ᠤᠨ ᠥᠭᠡᠷᠡᠴᠢᠯᠡᠯᠲᠡ ᠨᠡᠭᠡᠭᠡᠯᠲᠡ ᠶᠢᠨ ᠬᠥᠭᠵᠢᠬᠦ ᠶᠢ ᠳᠠᠭᠠᠯᠳᠤᠨ᠂ ᠤᠤᠯ ᠤᠨ ᠬᠠᠩᠭᠠᠨ

ᠪᠣᠷᠣᠯᠠᠭᠤᠯᠬᠤ ᠬᠤᠷᠰᠢᠶ᠎ᠠ ᠴᠤ ᠰᠢᠨ᠎ᠡ ᠬᠡᠯᠪᠡᠷᠢ ᠳᠤ ᠵᠣᠬᠢᠴᠠᠬᠤ ᠥᠬᠡᠶ ᠪᠣᠯᠵᠠᠶ᠂  ᠲᠡᠭᠡᠭᠡᠳ ᠶᠡᠭᠡ ᠬᠡᠮᠵᠢᠶᠡᠨ ᠤ

ᠬᠤᠪᠢ ᠶᠢᠨ ᠡᠷᠦᠬᠡ᠂  ᠬᠤᠪᠢ ᠶᠢᠨ ᠠᠵᠤ ᠠᠬᠤᠶᠢᠯᠠᠯ᠂ ᠠᠷᠠᠳ ᠠᠴᠠ ᠡᠵᠡᠩᠨᠡᠭᠰᠡᠨ ᠠᠵᠤ ᠠᠬᠤᠶ᠂ ᠠᠷᠠᠳ ᠠᠴᠠ

ᠡᠵᠡᠩᠨᠡᠭᠰᠡᠨ ᠬᠤᠳᠠᠯᠳᠤᠭ᠎ᠠ ᠪᠤᠢ ᠪᠣᠯᠵᠠᠶ᠂ ᠬᠥᠭᠵᠢᠯᠲᠡ ᠨᠢ ᠮᠠᠰᠢ ᠲᠦᠷᠭᠡᠨ᠂  ᠮᠠᠰᠢ ᠰᠠᠶᠢᠨ ᠪᠤᠯᠬᠤᠷ ᠠᠷᠠᠳ

ᠣᠯᠠᠨ ᠤ ᠠᠮᠢᠳᠤᠷᠠᠯ ᠤᠨ ᠱᠠᠭᠠᠷᠳᠠᠯᠭ᠎ᠠ ᠶᠢ ᠴᠦ ᠨᠠᠩ ᠰᠠᠶᠢᠨ ᠬᠠᠩᠭᠠᠵᠤ ᠲᠡᠶᠢᠯᠳᠡᠭ ᠪᠤᠯᠵᠠᠢ᠂ ᠥᠭᠡᠷᠡᠴᠢᠯᠡᠯᠲᠡ

ᠨᠡᠭᠡᠭᠡᠯᠲᠡ ᠨᠢ ᠦᠨᠡᠭᠡᠷ ᠰᠠᠶᠢᠨ᠂ ᠣᠯᠠᠨ ᠲᠦᠮᠡᠨ ᠤ ᠠᠮᠢᠳᠤᠷᠠᠯ ᠦᠨᠳᠦᠰᠦᠨ ᠳᠡᠭᠡᠨ ᠲᠡᠭᠡᠭᠰᠢᠯᠡᠵᠦ᠂  ᠠᠶᠢᠯ

ᠪᠣᠯᠭᠠᠨ ᠮᠠᠰᠢᠨ ᠲᠡᠷᠭᠡ ᠲᠠᠢ᠂ ᠬᠥᠮᠦᠨ ᠪᠣᠯᠭᠠᠨ ᠭᠠᠷ ᠤᠲᠠᠰᠤ ᠲᠠᠢ ᠪᠤᠯᠵᠠᠢ  ᠂ ᠡᠳᠡᠭᠡᠷ ᠢ ᠥᠭᠡᠷᠡᠴᠢᠯᠡᠯᠲᠡ

ᠬᠢᠬᠦ ᠠᠴᠠ ᠡᠮᠦᠨ᠎ᠡ ᠪᠣᠳᠣᠵᠤ  ᠪᠠᠰᠠ ᠣᠯᠬᠤ  ᠥᠬᠡᠶ ᠭᠡᠯ᠎ᠠ  ᠃

     ᠡᠳᠦᠭᠡ᠂ ᠨᠢᠭᠡᠨᠲᠡ 88 ᠨᠠᠰᠤᠨ ᠤ ᠳᠠᠪᠠᠭ᠎ᠠ ᠶᠢ ᠲᠠᠪᠠᠭᠰᠠᠨ ᠵᠢᠶᠠ ᠷᠦᠢ ᠰᠢᠶᠠᠨ ᠨᠠᠰᠤᠲᠠᠨ ᠡᠳᠦᠷ ᠪᠦᠷᠢ

ᠴᠡᠴᠡᠭ ᠤᠰᠤᠯᠠᠨ᠂ ᠨᠣᠮ ᠪᠢᠴᠢᠵᠦ᠂ ᠪᠡᠶ᠎ᠡ ᠮᠠᠬᠠᠪᠣᠳ ᠢᠶᠠᠨ ᠳᠠᠪᠲᠠᠨ ᠪᠣᠯᠪᠠᠰᠤᠷᠠᠭᠤᠯᠵᠤ᠂ ᠥᠲᠡᠯᠦᠭᠡ ᠨᠠᠰᠤᠨ ᠤ

ᠠᠮᠤᠷ ᠵᠢᠷᠭᠠᠯ ᠠᠮᠢᠳᠤᠷᠠᠯ ᠢᠶᠠᠨ ᠠᠮᠤᠷ ᠲᠠᠶᠢᠪᠤᠩ ᠡᠳ᠋ᠯᠡᠵᠦ ᠪᠤᠢ᠃

     

                     ᠢᠷᠡᠯᠲᠡ  ᠄  ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ

                                   ᠬᠠᠮ ᠵᠠᠭᠤᠴᠢᠯᠠᠭᠤᠷ ᠤᠨ ᠲᠥᠪ

                     ᠵᠣᠬᠢᠶ᠋ᠬᠠᠴᠢ᠄  ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ

                                   ᠬᠠᠮ ᠵᠠᠭᠤᠴᠢᠯᠠᠭᠤᠷ ᠤᠨ ᠲᠥᠪ

                     ᠣᠷᠴᠢᠭᠤᠯᠣᠨᠨᠴᠢ᠄  ᠬᠠᠶᠢᠷᠬᠠᠨ

                     ᠬᠠᠷᠢᠭᠤᠴᠬᠠᠰᠠᠨ ᠨᠠᠶᠢᠷᠠᠭᠤᠯᠣᠨᠨᠴᠢ᠄  ᠭᠧ ᠲᠣᠸᠠᠨ ᠯᠢᠶᠡᠨ

 
ᠢᠷᠡᠯᠲᠡ᠄ ᠴᠠᠬᠠᠷ ᠪᠠᠷᠠᠭᠤᠨ ᠭᠠᠷᠤᠨ ᠲᠣᠮᠳᠡᠳᠣ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号