| ᠬᠦᠮᠦᠰ ᠤᠨ ᠠᠵᠦ ᠠᠬᠤᠢ ᠶᠢᠨ ᠨᠡᠮᠡᠭᠳᠡᠯ᠂ ᠨᠡᠶᠢᠭᠡᠮ ᠤᠨ ᠭᠦᠭᠵᠢᠯᠳᠡ ᠠᠴᠠ ᠪᠣᠯᠵᠦ᠂ ᠵᠣᠭᠠᠴᠠᠨ | ᠲᠣᠭᠤᠷᠢᠬᠤ ᠨᠢ ᠠᠮᠢᠳᠣᠷᠠᠯ ᠤᠨ ᠴᠢᠬᠤᠯᠠ ᠨᠢᠭᠡᠨ ᠠᠭᠤᠯᠭ᠎ᠠ ᠪᠣᠯᠵᠦ ᠨᠡᠩ ᠣᠯᠠᠨ ᠬᠦᠮᠦᠰ ᠵᠣᠭᠠᠴᠠᠨ ᠲᠣᠭᠤᠷᠢᠬᠤ | ᠶᠠᠪᠤᠴᠠ ᠳᠠᠭᠠᠨ ᠬᠠᠷᠠᠴᠠ ᠪᠠᠨ ᠲᠠᠯᠠᠵᠦ᠂ ᠲᠠᠨᠢᠯᠲᠠ ᠪᠠᠨ ᠨᠡᠮᠡᠭᠳᠡᠭᠦᠯᠦᠨ᠂ ᠰᠡᠳᠬᠢᠯ ᠰᠠᠨᠠᠭ᠎ᠠ ᠪᠠᠨ ᠪᠠᠶᠠᠰᠬᠠᠨ ᠵᠣᠯ | ᠵᠢᠷᠭᠠᠯ ᠳᠤ ᠰᠣᠭᠳᠣᠭᠤᠷᠠᠳᠠᠭ ᠪᠣᠯᠪᠠ᠃ 5 ᠰᠠᠷ᠎ᠠ ᠶᠢᠨ 19 ᠤ ᠡᠳᠦᠷ ᠪᠣᠯ ︿︿ᠳᠣᠮᠳᠠᠳᠣ ᠣᠯᠣᠰ ᠤᠨ | ᠵᠣᠭᠠᠴᠠᠯ ᠤᠨ ᠡᠳᠦᠷ﹀﹀ ᠪᠤᠯᠤᠨ᠎ᠠ᠃ ︿︿ᠳᠣᠮᠳᠠᠳᠣ ᠣᠯᠣᠰ ᠤᠨ ᠵᠣᠭᠠᠴᠠᠯ ᠤᠨ ᠡᠳᠦᠷ﹀﹀ ᠬᠦᠷᠴᠦ ᠢᠷᠡᠬᠦ | ᠲᠠᠰᠢᠷᠠᠮ ᠢᠶᠠᠷ ᠮᠠᠨ ᠤ ᠣᠷᠤᠨ ᠤ ᠵᠣᠭᠠᠴᠠᠯ ᠤᠨ ᠦᠢᠯᠡᠰ ᠤᠨ ᠬᠦᠭᠵᠢᠯᠳᠡ ᠶᠢ ᠳᠡᠯᠭᠡᠨ ᠦᠵᠡᠭᠦᠯᠬᠦ ᠳᠤ ᠵᠣᠷᠢᠯ᠎ᠠ᠃ | ᠳᠣᠣᠷ᠎ᠠ ᠮᠠᠨ ᠤ ᠣᠷᠤᠨ ᠤ 5A ᠲᠠᠰ ᠤᠨ ᠵᠣᠭᠠᠴᠠᠯ ᠤᠨ ᠣᠷᠤᠨ ᠠᠴᠠ ᠬᠡᠳᠦ ᠶᠢ ᠲᠦᠭᠦᠮ | ᠲᠠᠨᠢᠭᠤᠯᠤᠶ᠎ᠠ᠄ | 1.ᠴᠢᠩᠭᠢᠰ ᠤᠨ ᠣᠩᠭᠤᠨ ᠤ ᠵᠣᠭᠠᠴᠠᠯ ᠤᠨ ᠣᠷᠤᠨ᠄ ᠲᠣᠰ ᠵᠣᠭᠠᠴᠠᠯ ᠤᠨ ᠣᠷᠤᠨ ᠨᠢ ᠴᠢᠩᠭᠢᠰ ᠰᠣᠶᠣᠯ | ᠵᠣᠭᠠᠴᠠᠯ ᠤᠨ ᠣᠷᠤᠨ ᠪᠠ ᠴᠢᠩᠭᠢᠰ ᠤᠨ ᠣᠩᠭᠤᠨ ᠤ ᠳᠠᠬᠢᠯᠭ᠎ᠠ ᠶᠢᠨ ᠣᠷᠣᠨ ᠭᠡᠬᠦ ᠬᠤᠶᠠᠷ ᠭᠡᠰᠡᠭ ᠢᠶᠠᠷ | ᠪᠦᠷᠢᠯᠳᠣᠵᠠᠢ᠃ ᠦᠨᠳᠣᠰᠦᠳᠡᠨ ᠤ ᠵᠠᠩ ᠢᠷᠭᠡᠨᠰᠢᠯ ᠪᠣᠯ ᠲᠣᠰ ᠵᠣᠭᠠᠴᠠᠯ ᠤᠨ ᠣᠷᠤᠨ ᠤ ᠬᠠᠮᠤᠭ ᠤᠨ ᠶᠡᠭᠡ | ᠲᠠᠳᠠᠬᠤ ᠬᠦᠴᠦᠨ ᠪᠣᠯᠣᠭᠰᠠᠨ ᠶᠤᠮ᠃ | 2.ᠮᠠᠨᠵᠣᠣᠷ ᠬᠤᠲᠠ ᠶᠢᠨ ᠳᠣᠮᠳᠠᠳᠣ ᠣᠷᠣᠰ ᠤᠨ ᠬᠢᠯᠢ ᠶᠢᠨ ᠵᠣᠭᠠᠴᠠᠯ ᠤᠨ ᠣᠷᠤᠨ ᠄ ᠣᠯᠣᠰ ᠤᠨ ᠬᠠᠭᠠᠯᠭ᠎ᠠ ᠶᠢᠨ | ᠦᠵᠡᠮᠵᠢ᠂ ᠣᠭᠰᠠᠷᠠᠭ᠎ᠠ ᠬᠡᠣᠬᠡᠯᠳᠠᠢ ᠶᠢᠨ ᠦᠵᠡᠮᠵᠢ᠂ ᠴᠠᠭᠠᠨᠨᠠᠭᠤᠷ ᠤᠨ ᠦᠵᠡᠮᠵᠢ ᠪᠠ ᠳᠣᠮᠳᠠᠳᠣ ᠣᠷᠣᠰ ᠤᠨ | ᠠᠷᠠᠯᠵᠢᠶᠠᠨ ᠤ ᠵᠣᠭᠠᠴᠠᠯ ᠤᠨ ᠣᠷᠣᠨ ᠵᠡᠷᠭᠡ 4 ᠦᠵᠡᠮᠵᠢ ᠪᠠᠷ ᠪᠤᠷᠢᠯᠳᠣᠵᠠᠢ᠃ | 3.ᠣᠷᠳᠣᠰ ᠤᠨ ᠪᠦᠷᠢᠶ᠎ᠡ ᠮᠠᠩᠬ᠎ᠠ ᠶᠢᠨ ᠵᠣᠭᠠᠴᠠᠯ ᠤᠨ ᠣᠷᠣᠨ᠄ ᠲᠣᠰ ᠵᠣᠭᠠᠴᠠᠯ ᠤᠨ ᠣᠷᠣᠨ ᠨᠢ ᠦᠵᠡᠮᠵᠢ | ᠰᠣᠨᠢᠷᠬᠠᠬᠤ ᠪᠠ ᠰᠡᠯᠡᠭᠦᠴᠡᠯ ᠵᠣᠭᠠᠴᠠᠯ ᠢ ᠨᠢᠭᠡ ᠴᠣᠭᠴᠠᠵᠢᠭᠤᠯᠣᠭᠰᠠᠨ ᠪᠡᠭᠡᠵᠢᠩ ᠠᠴᠠ ᠬᠠᠮᠤᠭ ᠤᠨ ᠣᠶᠢᠷᠠᠬᠠᠨ | ᠡᠯᠡᠰᠦ ᠮᠠᠩᠬᠠᠨ ᠤ ᠵᠣᠭᠠᠴᠠᠯ ᠤᠨ ᠭᠠᠵᠠᠷ ᠪᠤᠯᠤᠨ᠎ᠠ᠃ | 4.ᠷᠠᠰᠢᠶᠠᠨ ᠴᠠᠶᠢᠾᠧ ᠭᠤᠣᠯ ᠤᠨ ᠵᠣᠭᠠᠴᠠᠯ ᠤᠨ ᠣᠷᠤᠨ᠄ ᠲᠣᠰ ᠵᠣᠭᠠᠴᠠᠯ ᠤᠨ ᠣᠷᠣᠨ ᠨᠢ ᠬᠠᠯᠠᠭᠤᠨ ᠷᠠᠰᠢᠶᠠᠨ | ᠂ ᠴᠠᠰᠤ ᠮᠦᠰᠤ᠂ ᠭᠠᠯᠳᠣ ᠠᠭᠤᠯᠠ᠂ ᠣᠢ ᠰᠢᠭᠤᠢ᠂ ᠬᠢᠯᠢ ᠶᠢᠨ ᠠᠷᠠᠯᠵᠢᠶ᠎ᠠ ᠪᠠ ᠦᠨᠳᠣᠰᠦᠳᠡᠨ ᠤ ᠰᠣᠶᠣᠯ ᠵᠡᠷᠭᠡ | ᠵᠣᠭᠠᠴᠠᠯ ᠤᠨ ᠡᠯᠪᠡᠭ ᠡᠬᠢ ᠪᠠᠶᠠᠯᠢᠭ ᠲᠠᠢ᠃ | | ᠬᠤᠷᠴᠠ ᠤᠯᠠᠭᠠᠨ ᠴᠡᠴᠡᠭ ᠰᠣᠨᠢᠷᠬᠠᠬᠤ ᠳᠤ ᠲᠣᠬᠢᠷᠠᠭᠰᠠᠨ ᠵᠣᠭᠠᠴᠠᠯ ᠤᠨ ᠣᠷᠤᠨ᠄ | 1.ᠷᠠᠰᠢᠶᠠᠨ ᠬᠤᠲᠠ᠄ ᠵᠢᠯ ᠪᠦᠷᠢ ᠶᠢᠨ5.6 ᠰᠠᠷ᠎ᠠ ᠶᠢᠨ ᠦᠶ᠎ᠡ ᠪᠠᠷ ᠷᠠᠰᠢᠶᠠᠨ ᠬᠤᠷᠠᠯ ᠳᠤ ᠬᠦᠷᠴᠦ ᠬᠤᠷᠴᠠ | ᠣᠯᠠᠭᠠᠨ ᠴᠡᠴᠡᠭ ᠰᠤᠨᠢᠷᠬᠠᠬᠤ ᠶᠢᠨ ᠬᠠᠮᠳᠣ᠂ ᠷᠠᠰᠢᠶᠠᠨ ᠤ ᠣᠯᠣᠰ ᠤᠨ ᠣᠢ ᠰᠢᠭᠤᠢ ᠶᠢᠨ ᠴᠡᠴᠡᠷᠯᠢᠭ ᠢᠶᠠᠷ | ᠵᠣᠭᠠᠴᠠᠵᠦ᠂ ᠲᠡᠭᠷᠢ ᠨᠠᠭᠤᠷ᠂ ᠲᠡᠮᠡᠭᠡᠨ ᠪᠦᠬᠦᠲᠣ ᠳᠠᠪᠠᠭ᠎ᠠ᠂ ᠶᠡᠭᠡ ᠬᠠᠪᠴᠢᠯ ᠵᠡᠷᠭᠡ ᠦᠵᠡᠮᠵᠢ ᠶᠢ ᠰᠣᠨᠢᠷᠬᠠᠵᠦ | ᠪᠤᠯᠤᠨ᠎ᠠ᠃ | 2.ᠠᠷᠤ ᠬᠤᠷᠴᠢᠨ ᠬᠤᠰᠢᠭᠤ᠄2017 ᠣᠨ ᠤ5 ᠰᠠᠷ᠎ᠠ ᠶᠢᠨ6 ᠤ ᠡᠲᠦᠷ᠂ ᠠᠷᠤ ᠬᠤᠷᠴᠢᠨ ᠬᠤᠰᠢᠭᠤᠨ ᠤ | ᠪᠠᠶᠠᠨᠬᠤᠸᠠ ᠪᠠᠯᠭᠠᠰᠣᠨ ᠳᠤ ᠠᠩᠬᠠᠳᠣᠭᠠᠷ ᠬᠤᠭᠤᠴᠠᠭᠠᠨ ᠤ ᠬᠤᠷᠴᠠ ᠣᠯᠠᠭᠠᠨ ᠴᠡᠴᠡᠭ ᠤᠨ ᠨᠠᠶᠢᠷ ᠢ ᠡᠷᠬᠢᠯᠡᠨ | ᠶᠠᠪᠤᠭᠳᠠᠭᠤᠯᠵᠠᠢ᠃ ᠪᠠᠶᠠᠨᠬᠤᠸᠠ ᠪᠠᠯᠭᠠᠰᠣᠨ ᠳᠤ ᠬᠤᠷᠴᠠ ᠤᠯᠠᠭᠠᠨ ᠴᠡᠴᠡᠭ ᠴᠠᠭᠠᠨ ᠬᠤᠰᠤ᠂ ᠠᠭᠤᠯᠠᠨ ᠤ | ᠬᠦᠢᠯᠡᠰᠣ ᠵᠡᠷᠭᠡ ᠮᠣᠳᠣᠳ ᠤᠷᠭᠤᠨ ᠲᠦᠯᠵᠢᠵᠦ᠂ ᠵᠦᠷ᠂ ᠬᠡᠭᠡᠷ᠎ᠡ ᠶᠢᠨ ᠭᠠᠭ᠋ᠠᠢ᠂ ᠬᠠᠶᠢᠷᠭᠤᠴᠢ᠂ ᠭᠤᠷᠭᠤᠣᠯ᠂ | ᠲᠣᠷᠤᠭ ᠪᠤᠭᠤ ᠵᠡᠷᠭᠡ ᠠᠮᠢᠳᠠᠳ ᠣᠷᠤᠰᠢᠨ ᠠᠮᠢᠳᠣᠷᠠᠵᠦ ᠵᠣᠭᠠᠴᠠᠯ ᠤᠨ ᠡᠯᠳᠡᠪ ᠬᠤᠶᠠᠷ ᠢᠶᠠᠷ ᠪᠠᠶᠠᠯᠢᠭ ᠢᠶᠠᠷ ᠡᠯᠪᠡᠭ | ᠳᠡᠯᠪᠡᠭ ᠪᠠᠶᠢᠳᠠᠭ ᠃ | |