ᠸᠢᠴᠠᠲ ᠢᠶᠠᠷ ᠲᠠᠨᠢᠬᠤ ᠦᠭᠡᠢ ᠬᠦᠮᠦᠨ ᠳᠤ ᠵᠣᠭᠤᠰ ᠢᠶᠠᠨ ᠪᠤᠷᠤᠭᠤ ᠶᠠᠪᠤᠭᠤᠯᠪᠠᠯ ᠶᠠᠭᠠᠬᠢᠪᠠᠯ ᠵᠤᠬᠢᠬᠤ ᠪᠤᠢ︖
ᠨᠡᠶᠢᠲᠡᠯᠡᠭᠰᠡᠨ ᠴᠠᠭ᠄
2018-11-09
ᠨᠢᠭᠡ᠄ ᠪᠤᠳᠠᠳᠣ ᠬᠡᠷᠡᠭ ᠤᠨ ᠵᠢᠱᠢᠶ᠎ᠡ    2018ᠣᠨ ᠤ 3 ᠰᠠᠷ᠎ᠠ ᠳᠤ᠂ ᠿᠠ ᠠᠪᠠᠭ᠋ᠠᠢ ᠶᠢᠨ ᠲᠦᠷᠦᠭᠰᠡᠨ ᠳᠡᠭᠦᠣ ᠨᠢ ᠲᠡᠭᠦᠨ ᠠᠴᠠ ᠵᠣᠭᠤᠰ ᠵᠢᠭᠡᠯᠡᠬᠦ ᠬᠡᠰᠡᠨ ᠳᠤ᠂ ᠿᠠ ᠠᠪᠠᠭ᠋ᠠᠢ ᠪᠠᠷᠢᠨ ᠲᠣᠣᠷ᠎ᠠ ᠨᠢ ᠲᠦᠮᠡ ᠭᠠᠷᠣᠢ ᠲᠦᠭᠦᠷᠢᠭ ᠢᠶᠠᠨ ᠸᠢᠴᠠᠲ ︵ᠵᠢᠷᠬᠢᠷ᠎ᠡ︶ ᠢᠶᠠᠷ ᠢᠶᠠᠨ ᠳᠠᠮᠵᠢᠭᠤᠯᠤᠨ ᠳᠡᠭᠦᠣ ᠳᠡᠭᠡᠨ ᠳᠠᠩᠰᠠ ᠰᠢᠯᠵᠢᠭᠦᠯᠬᠦ ᠠᠷᠭ᠎ᠠ ᠪᠠᠷ ᠶᠠᠪᠤᠭᠤᠯᠵᠠᠢ᠃ ᠭᠡᠲᠡᠯ᠎ᠡ ᠸᠢᠴᠠᠲ ᠳᠡᠭᠡᠷ᠎ᠡ ᠳᠠᠩᠰᠠ ᠰᠢᠯᠵᠢᠬᠦᠯᠬᠦ ᠲᠡᠷᠡ ᠬᠦ ᠭᠱᠠᠨ ᠵᠠᠭᠤᠷ᠎ᠠ ᠳᠤ ᠸᠢᠴᠠᠲ ᠤᠨ ᠨᠢᠭᠤᠷ ᠲᠤ ᠪᠤᠰᠣᠳ ᠵᠣᠭᠤᠭᠳᠠᠬᠤ ᠴᠣᠬᠤᠩᠪᠴᠢ ᠢᠯᠡᠷᠡᠭᠰᠡᠨ ᠢ ᠿᠠ ᠠᠪᠠᠭ᠋ᠠᠢ ᠰᠠᠨᠠᠭᠠᠨ ᠳᠠᠭᠠᠨ ᠠᠪᠤᠭᠰᠠᠨ ᠦᠭᠡᠢ ᠪᠠᠷ ᠰᠠᠨᠠᠮᠰᠠᠷ ᠦᠭᠡᠢ ᠪᠠᠷ ᠦᠯᠦ ᠲᠠᠨᠢᠬᠤ ᠬᠦᠮᠦᠨ ᠤ ᠸᠢᠴᠠᠲ ᠳᠡᠭᠡᠷ᠎ᠡ ᠵᠣᠭᠤᠰ ᠢᠶᠠᠨ ᠰᠢᠯᠵᠢᠬᠦᠯᠦᠨ ᠶᠠᠪᠤᠭᠤᠯᠴᠢᠬᠠᠭᠰᠠᠨ ᠪᠠᠶᠢᠪᠠ᠃     ᠬᠡᠳᠣᠨ ᠮᠢᠨᠦ᠋ᠲ ᠤᠨ ᠳᠠᠷᠠᠭ᠎ᠠ᠂ ᠿᠠ ᠠᠪᠠᠭ᠋ᠠᠢ ᠭᠡᠨᠡᠳᠲᠠ ᠳᠠᠩᠰᠠ ᠪᠠᠨ ᠪᠤᠷᠣᠭᠤ ᠰᠢᠯᠵᠢᠭᠦᠯᠦᠭᠰᠡᠨ ᠢᠶᠠᠨ ᠰᠡᠭᠡᠰᠬᠢᠵᠤ᠂ ᠮᠦᠩᠬᠦ ᠶᠠᠪᠤᠭᠤᠯᠤᠭᠰᠠᠨ ᠡᠲᠡᠭᠡᠳ ᠲᠤ ᠭᠠᠷ ᠣᠳᠠᠰᠣᠨ ᠤ ᠳᠠᠷᠣᠪᠴᠢ ᠶᠢ ᠪᠤᠷᠣᠭᠤ ᠳᠠᠷᠣᠵᠤ ᠮᠦᠩᠬᠦ ᠪᠠᠨ ᠰᠢᠯᠵᠢᠭᠦᠯᠦᠨ ᠶᠠᠪᠤᠭᠤᠯᠤᠭᠰᠠᠨ ᠣᠴᠢᠷ ᠶᠠᠪᠤᠳᠠᠯ ᠢᠶᠠᠨ ᠲᠠᠶᠢᠯᠪᠤᠷᠢᠯᠡᠵᠤ᠂ ᠮᠦᠩᠬᠦ ᠪᠠᠨ ᠪᠤᠴᠠᠭᠠᠵᠤ ᠠᠪᠬᠤ ᠭᠡᠰᠡᠨ ᠳᠤ᠂ ᠲᠡᠷᠡᠬᠦ ᠸᠢᠴᠠᠲ ᠤᠨ ᠡᠵᠡᠨ ᠨᠢ ᠵᠤᠭᠤᠰ ᠢ ᠪᠤᠴᠠᠭᠠᠬᠤ ᠪᠠᠷ ᠵᠦᠪᠰᠢᠶᠡᠷᠡᠵᠤ᠂ ᠰᠢᠯᠢᠭᠦᠯᠦᠨ ᠶᠠᠪᠤᠭᠤᠯᠤᠭᠰᠠᠨ ᠵᠤᠭᠤᠰ ᠢ ᠨᠢ ᠲᠣᠰᠣᠨ ᠠᠪᠤᠪᠠ᠃ ᠿᠠ ᠠᠪᠠᠭ᠋ᠠᠢ ᠬᠡᠳᠦᠨ ᠮᠢᠨᠦ᠋ᠲ ᠬᠦᠯᠢᠶᠡᠭᠰᠡᠨ ᠳᠤ ᠮᠦᠩᠭᠦᠨ ᠤ ᠬᠢᠨᠢ ᠪᠠᠷ᠎ᠠ ᠰᠣᠷᠠᠭ ᠠᠯᠠᠭ᠎ᠠ᠃ ᠲᠡᠭᠡᠭᠡᠳ ᠿᠠ ᠠᠪᠠᠭ᠋ᠠᠢ ᠣᠯᠠᠨ ᠣᠳᠠᠭ᠎ᠠ ᠸᠢᠴᠠᠲ ᠢᠶᠠᠷ ᠴᠢᠮᠡᠭᠡ ᠶᠠᠪᠤᠭᠤᠯᠵᠤ ︽ᠮᠢᠨᠦ ᠮᠦᠩᠬᠦ  ᠶᠢ ᠪᠤᠴᠠᠭᠠᠵᠤ ᠦᠭᠭᠦᠭᠡᠷᠡᠢ︾ ᠭᠡᠵᠤ ᠱᠠᠭᠠᠷᠳᠠᠭᠰᠠᠨ ᠴᠤ ᠬᠠᠷᠢᠭᠤ ᠴᠢᠮᠡᠭᠡ ᠣᠯᠣᠭᠰᠠᠨ ᠦᠭᠡᠢ᠃  ᠬᠠᠮᠤᠭ ᠰᠡᠭᠦᠯ ᠳᠤ᠂ ᠿᠠ ᠠᠪᠠᠭ᠋ᠠᠢ ᠶᠢᠨ  ᠵᠣᠭᠤᠰ ᠢ ᠲᠣᠰᠴᠤ ᠠᠪᠤᠭᠰᠠᠨ ᠸᠢᠴᠠᠲ ᠤᠨ ᠦᠯᠦ ᠲᠠᠨᠢᠬᠤ ᠬᠦᠮᠦᠨ ᠿᠠ ᠠᠪᠠᠭ᠋ᠠᠢ ᠶᠢ  ᠸᠢᠴᠠᠲ ᠤᠨ ᠢᠶᠠᠨ ᠦᠯᠦ ᠲᠠᠨᠢᠭᠴᠢ ᠶᠢᠨ ᠳᠠᠩᠰᠠ ᠳᠤ ᠲᠠᠳᠠᠨ ᠣᠷᠣᠭᠤᠯᠵᠤ ᠨᠢᠭᠤᠷ ᠪᠤᠷᠣᠭᠤᠯᠠᠪᠠ᠃ ᠿᠠ ᠠᠪᠠᠭ᠋ᠠᠢ ᠶᠢᠨ ᠬᠡᠯᠡᠬᠦ ᠪᠠᠷ᠂ ︽ᠮᠢᠨᠦ ᠪᠤᠷᠣᠭᠤ ᠶᠠᠪᠤᠭᠤᠯᠤᠭᠰᠠᠨ ᠵᠤᠭᠤᠰ ᠢ ᠲᠣᠰᠴᠤ ᠠᠪᠤᠭᠰᠠᠨ ᠡᠨᠡ ᠸᠢᠴᠠᠲ ᠤᠨ ᠨᠠᠶᠢᠵᠠ ᠪᠣᠯ᠂ ᠦᠩᠭᠡᠷᠡᠭᠰᠡᠨ ᠳᠤ ᠰᠠᠨᠠᠭᠠᠨ ᠳᠤ ᠦᠭᠡᠢ ᠨᠡᠮᠡᠵᠦ ᠠᠪᠤᠭᠰᠠᠨ ᠵᠢᠷᠬᠢᠶ᠎ᠡ ᠶᠢᠨ ᠨᠡᠶᠢᠵᠡ ᠪᠠᠶᠢᠵᠤ᠂ ᠢᠷᠡᠯ ᠭᠠᠷᠣᠯ ᠢ ᠨᠢ ᠣᠭᠳᠣᠬᠠᠨ ᠴᠤ ᠮᠡᠳᠡᠬᠦ ᠦᠭᠡᠢ ᠲᠣᠯᠠ ᠨᠢᠭᠤᠷ ᠵᠤᠯᠭᠠᠵᠤ ᠲᠠᠨᠢᠬᠤ ᠳᠤ ᠲᠦᠪᠡᠭᠲᠡᠢ︾ ᠭᠡᠨ᠎ᠡ᠃ ᠿᠠ ᠠᠪᠠᠭ᠋ᠠᠢ ᠲᠡᠭᠡᠭᠡᠳ ᠸᠢᠴᠠᠲ ᠤᠨ ᠦᠢᠯᠡᠴᠢᠯᠡᠬᠦ ᠳᠡᠪᠴᠡᠩ ᠳᠤ ᠣᠳᠠᠰᠣᠳᠠᠵᠤ ᠠᠰᠠᠭᠤᠨ ᠯᠠᠪᠯᠠᠭᠰᠠᠨ ᠳᠤ᠂ ᠸᠢᠴᠠᠲ ᠤᠨ ᠦᠢᠯᠡᠴᠢᠯᠡᠬᠦ ᠳᠡᠪᠴᠡᠩ ᠤᠨ ᠬᠢᠨ ᠬᠤᠪᠢ ᠬᠦᠮᠦᠨ ᠤ ᠨᠢᠭᠤᠴᠠ ᠶᠢ ᠬᠠᠮᠠᠭᠠᠯᠠᠬᠤ ᠶᠢᠨ ᠲᠣᠰᠠᠳᠠ ᠲᠡᠭᠦᠨ ᠤ ᠨᠦᠬᠦᠭᠡ ᠡᠲᠡᠭᠡᠳ ᠤᠨ ᠣᠪᠤᠭ ᠨᠡᠷ᠎ᠡ ᠵᠡᠷᠭᠡ ᠦᠨᠳᠦᠰᠦᠨ ᠪᠠᠶᠢᠳᠠᠯ ᠢ ᠮᠡᠳᠡᠵᠦ ᠠᠪᠬᠤ ᠭᠡᠰᠡᠨ ᠱᠠᠭᠠᠷᠳᠠᠯᠭ᠎ᠠ ᠶᠢ ᠨᠢ ᠳᠡᠪᠴᠢᠪᠠ᠃ ᠿᠠ ᠠᠪᠠᠭ᠋ᠠᠢ ᠰᠢᠬᠦᠬᠦ ᠬᠤᠷᠢᠶᠠᠨ ᠳᠤ ᠵᠠᠭᠠᠯᠳᠣᠬᠤ ᠪᠠᠷ ᠭᠤᠶᠤᠴᠢᠯᠠᠭᠰᠠᠨ ᠳᠤ᠂ ︽ᠵᠠᠭᠠᠯᠳᠣᠭᠳᠠᠭᠴᠢ ᠶᠢᠨ ᠤᠪᠣᠭ ᠨᠡᠷ᠎ᠡ ᠪᠤᠯᠤᠨ ᠪᠡᠶ᠎ᠡ ᠶᠢᠨ ᠢᠷᠡᠯ ᠭᠠᠷᠣᠯ ᠵᠡᠷᠭᠡ ᠶᠢ ᠲᠣᠳᠣᠷᠬᠠᠶᠢᠯᠠᠬᠤ ᠴᠢᠬᠤᠯᠠ ᠲᠠᠢ᠂ ᠡᠰᠡᠪᠡᠰᠦ ᠬᠦᠯᠢᠶᠡᠨ ᠠᠪᠴᠤ ᠰᠢᠢᠳᠪᠦᠷᠢᠯᠡᠬᠦ ᠦᠭᠡᠢ︾ ᠬᠡᠵᠤ ᠵᠠᠭᠠᠯᠳᠣᠯᠭ᠎ᠠ ᠶᠢ ᠪᠤᠴᠠᠭᠠᠪᠠ᠃ᠬᠤᠶᠠᠷ᠄ ᠬᠠᠤᠯᠢ ᠶᠢᠨ ᠵᠦᠪᠯᠡᠯᠭᠡ ︵ᠨᠢᠭᠡ︶ ᠸᠢᠴᠠᠲ ᠢᠶᠠᠷ ᠲᠠᠨᠢᠬᠤ ᠦᠭᠡᠢ ᠬᠦᠮᠦᠨ ᠳᠤ ᠵᠤᠭᠤᠰ ᠢᠶᠠᠨ ᠪᠤᠷᠣᠭᠤ ᠶᠠᠪᠤᠭᠤᠯᠤᠭᠰᠠᠨ ᠦᠶ᠎ᠡ ᠳᠤ ᠶᠠᠭᠠᠬᠢᠪᠠᠯ ᠵᠤᠬᠢᠬᠤ ᠪᠣᠢ︖1.ᠭᠡᠷᠪᠡ ᠲᠠᠨ ᠤ ᠶᠠᠪᠤᠭᠤᠯᠤᠭᠰᠠᠨ ᠵᠤᠭᠤᠰ ᠢ ᠨᠦᠬᠦᠭᠡ ᠲᠠᠨᠢᠬᠤ ᠦᠭᠡᠢ ᠬᠦᠮᠦᠨ ᠨᠢᠭᠡᠨᠲᠡ ᠬᠤᠷᠢᠶᠠᠵᠤ ᠠᠪᠤᠭᠠᠳ ᠪᠤᠴᠠᠭᠠᠵᠤ ᠦᠭᠬᠦ ᠦᠭᠡᠢ ᠪᠠᠶᠢᠳᠠᠯ ᠳᠤ᠂ ᠲᠠ ᠶᠠᠭᠤᠨ ᠤ ᠲᠡᠷᠢᠬᠦᠨ ᠳᠤ᠂ ᠨᠦᠬᠦᠭᠡ ᠬᠦᠮᠦᠨ ᠲᠠᠨ ᠢ ᠸᠢᠴᠠᠲ ᠤᠨ ᠢᠶᠠᠨ ᠦᠯᠦ ᠲᠠᠨᠢᠭᠴᠢ ᠶᠢᠨ ᠳᠠᠩᠰᠠ ᠳᠤ ᠲᠠᠳᠠᠨ ᠣᠷᠣᠭᠤᠯᠵᠤ ᠨᠢᠭᠤᠷ ᠪᠤᠷᠤᠭᠤᠯᠠᠬᠤ ᠠᠴᠠ ᠨᠢ ᠡᠮᠦᠨ᠎ᠡ ᠲᠡᠭᠦᠨ ᠤ ᠸᠢᠴᠠᠲ ᠤᠨ ᠳ᠋ᠤᠭᠠᠷ᠂ ᠸᠢᠴᠠᠲ ᠤᠨ ᠲᠤᠭᠤᠷᠢᠭ ᠪᠤᠶᠤ ᠸᠢᠴᠠᠲ ᠤᠨ ᠴᠤᠭᠯᠠᠷᠠᠯ ᠵᠡᠷᠭᠡ ᠠᠴᠠ ᠲᠡᠭᠦᠨ ᠤ ᠣᠳᠠᠰᠣᠨ ᠨᠤᠮᠧᠷ᠂ ᠸᠢᠴᠠᠲ ᠤᠨ ᠨᠠᠶᠢᠵᠠ ᠵᠡᠷᠭᠡ ᠬᠠᠮᠢᠶ᠎ᠠ ᠪᠦᠬᠦᠢ ᠰᠣᠷᠠᠭ ᠵᠠᠩᠬᠢ ᠴᠤᠭᠯᠠᠭᠤᠯᠬᠤ ᠶᠢᠨ ᠬᠠᠮᠲᠤ ᠵᠤᠭᠤᠭᠳᠠᠬᠤ ᠴᠤᠩᠬᠤᠪᠴᠢ ᠳᠠᠬᠢ ᠵᠤᠭᠤᠰ ᠶᠠᠪᠤᠭᠤᠯᠤᠭᠰᠠᠨ ᠴᠤᠩᠬᠤᠪᠴᠢ ᠶᠢ ᠰᠡᠭᠦᠳᠡᠷᠯᠡᠵᠦ ᠬᠠᠳᠠᠭᠠᠯᠠᠨ᠎ᠠ᠃2.ᠳᠠᠷᠠᠭ᠎ᠠ ᠨᠢ᠂ ᠨᠦᠬᠦᠭᠡ ᠲᠠᠨᠢᠬᠤ ᠦᠭᠡᠢ ᠸᠢᠴᠠᠲ ᠤᠨ ︽ᠨᠠᠶᠢᠵᠠ ᠲᠠᠢ︾ ᠢᠳᠡᠪᠬᠢᠲᠠᠢ ᠪᠠᠷ ᠬᠠᠷᠢᠯᠴᠠᠵᠤ ᠦᠪᠡᠷ ᠤᠨ ᠵᠤᠭᠤᠰ ᠪᠤᠷᠣᠭᠤ ᠶᠠᠪᠤᠭᠤᠯᠤᠭᠰᠠᠨ ᠪᠠᠶᠢᠳᠠᠯ ᠢᠶᠠᠨ ᠲᠣᠳᠣᠷᠬᠠᠶᠢᠯᠠᠵᠤ᠂ ᠪᠤᠴᠠᠭᠠᠵᠤ ᠦᠭᠭᠦᠭᠦᠯᠬᠦ ᠪᠠᠷ ᠱᠠᠭᠠᠷᠳᠠᠨ᠎ᠠ᠃ ᠣᠯᠠᠨ ᠣᠳᠠᠭ᠎ᠠ ᠱᠠᠭᠠᠷᠳᠠᠭᠠᠳ ᠲᠣᠰᠠ ᠦᠭᠡᠢ ᠪᠣᠯ᠂ ᠲᠡᠭᠦᠨ ᠤ ᠡᠭᠦᠷᠭᠡᠯᠡᠬᠦ ᠬᠠᠮᠢᠶ᠎ᠠ ᠪᠦᠬᠦᠢ ᠬᠠᠤᠯᠢ ᠴᠠᠭᠠᠵᠠ ᠶᠢᠨ ᠬᠠᠷᠢᠭᠤᠴᠠᠯᠭ᠎ᠠ ᠶᠢᠨ ᠲᠠᠯ᠎ᠠ ᠪᠠᠷ ᠶᠠᠷᠢᠵᠤ ᠢᠳᠬᠠᠵᠤ ᠲᠣᠷᠰᠢᠭᠠᠷᠠᠢ᠃ ᠡᠬᠦᠨ ᠳᠤ ᠬᠠᠳᠠᠭᠤ ᠵᠦᠭᠡᠯᠡᠨ ᠠᠷᠭ᠎ᠠ ᠶᠢ ᠣᠶᠠᠯᠳᠣᠭᠤᠯᠵᠣ ᠲᠣᠷᠰᠢᠵᠤ ᠪᠤᠯᠤᠨ᠎ᠠ᠃3.ᠬᠡᠷᠪᠡ ᠲᠠᠨ ᠤ ᠸᠢᠴᠠᠲ ᠢᠶᠠᠷ ᠶᠠᠪᠤᠭᠤᠯᠤᠭᠰᠠᠨ ᠮᠦᠩᠬᠦ ᠶᠢ ᠲᠣᠰᠣᠭᠰᠠᠨ ᠨᠦᠬᠦᠭᠡ ᠡᠲᠡᠭᠡᠳ ᠴᠢᠨᠢ ᠲᠠᠨ ᠢ ᠦᠯᠦ ᠲᠠᠨᠢᠭᠴᠢ ᠶᠢᠨ ᠳᠠᠩᠰᠠᠨ ᠳᠤ ᠲᠠᠳᠠᠨ ᠣᠷᠣᠭᠤᠯᠵᠦ ᠨᠢᠭᠤᠷ ᠪᠤᠷᠤᠭᠤᠯᠠᠪᠠᠯ᠂ ᠲᠠ 95017᠂ 0755--83765566 ᠣᠲᠠᠰᠣ ︵ᠡᠰᠡᠭᠦᠯ᠎ᠡ ᠰᠦᠯᠵᠢᠶᠡᠨ ᠳᠡᠭᠡᠷᠡᠬᠢ ᠦᠢᠯᠡᠴᠢᠯᠡᠬᠦ ᠳᠡᠪᠴᠡᠩ︶ ᠪᠠᠷ ᠸᠢᠴᠠᠲ ᠤᠨ ᠦᠢᠯᠡᠴᠢᠯᠡᠬᠦ ᠳᠡᠪᠴᠡᠩ ᠳᠤ ᠣᠲᠠᠰᠣᠳᠠᠵᠣ ᠠᠰᠠᠭᠤᠨ ᠯᠠᠪᠯᠠᠵᠤ ᠲᠣᠰᠠᠯᠠᠮᠵᠢ ᠭᠤᠶᠤᠬᠤ ᠪᠠᠷ ᠲᠣᠷᠰᠢᠵᠤ ᠪᠤᠯᠤᠨ᠎ᠠ᠂ ᠸᠢᠴᠠᠲ ᠤᠨ ᠦᠢᠯᠡᠴᠢᠯᠡᠬᠦ ᠳᠡᠪᠴᠡᠩ ᠤᠨ ᠬᠢᠨ ᠲᠠᠨ ᠤ ᠨᠦᠬᠦᠭᠡ ᠡᠲᠡᠭᠡᠳ ᠤᠨ ᠤᠪᠣᠭ ᠨᠡᠷ᠎ᠡ ᠵᠡᠷᠭᠡ ᠦᠨᠳᠦᠰᠦᠨ ᠪᠠᠶᠢᠳᠠᠯ ᠢ ᠮᠡᠳᠡᠵᠦ ᠠᠪᠬᠤ ᠭᠡᠰᠡᠨ ᠱᠠᠭᠠᠷᠳᠠᠯᠭ᠎ᠠ ᠶᠢ ᠳᠡᠪᠴᠢᠪᠡᠯ᠂ ᠲᠠ ᠰᠢᠬᠦᠬᠦ ᠬᠤᠷᠢᠶ᠎ᠠ ᠪᠠᠷ ᠬᠠᠪᠰᠣᠷᠣᠭᠤᠯᠵᠤ ᠪᠤᠯᠤᠨ᠎ᠠ᠃4.ᠭᠡᠷᠪᠡ ᠰᠢᠬᠦᠬᠦ ᠬᠤᠷᠢᠶ᠎ᠠ ᠵᠠᠭᠠᠯᠳᠣᠭᠳᠠᠭᠴᠢ ᠶᠢᠨ ᠢᠷᠡᠯ ᠭᠠᠷᠣᠯ ᠵᠡᠷᠭᠡ ᠶᠢ ᠲᠣᠳᠣᠷᠬᠠᠶᠢᠯᠠᠬᠤ ᠴᠢᠬᠤᠯᠠ ᠲᠠᠢ ᠭᠡᠬᠦ ᠰᠢᠯᠲᠠᠭᠠᠨ ᠢᠶᠠᠷ ᠭᠡᠷᠡᠭ ᠢ ᠬᠦᠯᠢᠶᠡᠨ ᠠᠪᠴᠤ ᠰᠢᠢᠳᠪᠦᠷᠢᠯᠡᠬᠦ ᠦᠭᠡᠢ ᠪᠣᠯ᠂ ᠵᠠᠭᠠᠯᠳᠣᠭᠳᠠᠭᠴᠢ ᠶᠢᠨ ᠪᠡᠶ᠎ᠡ ᠶᠢᠨ ᠢᠷᠡᠯ ᠭᠠᠷᠣᠯ ᠤᠨ ᠮᠡᠳᠡᠭᠡ ᠵᠠᠩᠬᠢ ᠶᠢ ᠲᠣᠳᠤᠷᠬᠠᠢ ᠪᠤᠯᠭᠠᠬᠤ ᠠᠷᠭ᠎ᠠ ᠦᠭᠡᠢ ᠪᠠᠶᠢᠳᠠᠯ ᠳᠤ᠂ ᠲᠠ ᠸᠢᠴᠠᠲ ᠳᠡᠭᠡᠷ᠎ᠡ ᠵᠤᠭᠤᠰ ᠰᠢᠯᠵᠢᠭᠦᠯᠦᠨ ᠶᠠᠪᠤᠭᠤᠯᠤᠭᠰᠠᠨ ᠳᠡᠮᠳᠡᠭᠯᠡᠯ ︵ᠠᠯᠪᠠᠨ ᠭᠡᠷᠡᠴᠢᠯᠡᠭᠡ ᠬᠢᠯᠭᠡᠪᠡᠯ ᠨᠡᠩ︶ ᠢᠶᠠᠨ ᠠᠪᠴᠤ ᠲᠣᠬᠠᠢ ᠶᠢᠨ ᠭᠠᠵᠠᠷ ᠤᠨ ᠰᠢᠬᠦᠬᠦ ᠬᠤᠷᠢᠶ᠎ᠠ ᠪᠠᠷ ᠳᠡᠮᠵᠢᠭᠤᠯᠤᠨ᠂ ︽ᠬᠠᠮᠵᠢᠯᠴᠠᠭᠤᠯᠤᠨ ᠪᠠᠶᠢᠴᠠᠭᠠᠬᠤ ᠵᠠᠬᠢᠳᠠᠯ  ︵ᠪᠤᠶᠤ ᠪᠢᠴᠢᠭ︶︾ ᠢ ᠲᠧᠩ ᠰᠢᠤᠸᠠᠨ ᠺᠣᠮᠫᠠᠨᠢ ᠶᠢᠨ ᠸᠢᠴᠠᠲ ᠤᠨ ᠠᠷᠤ ᠦᠢᠯᠡᠴᠢᠯᠡᠭᠡᠨ ᠤ ᠳᠡᠪᠴᠡᠩ ᠳᠤ ᠶᠠᠪᠤᠭᠤᠯᠵᠤ᠂ ᠵᠠᠭᠠᠯᠳᠣᠭᠳᠠᠭᠴᠢ ᠶᠢᠨ ᠤᠪᠤᠭ ᠨᠡᠷ᠎ᠡ᠂ ᠣᠳᠠᠰᠣᠨ ᠳ᠋ᠤᠭᠠᠷ ᠵᠡᠷᠭᠡ ᠶᠢ ᠬᠠᠩᠭᠠᠯᠭᠠᠵᠤ ᠪᠤᠯᠤᠨ᠎ᠠ᠃ᠨᠦᠬᠦᠭᠡ ᠡᠲᠡᠭᠡᠳ ᠤᠨ ᠦᠨᠳᠦᠰᠦᠨ ᠪᠠᠶᠢᠳᠠᠯ ᠢ ᠮᠡᠳᠡᠭᠰᠡᠨ ᠰᠠᠭᠤᠷᠢᠨ ᠳᠡᠭᠡᠷ᠎ᠡ᠂ ᠨᠢᠭᠡ ᠬᠤᠪᠢ ᠵᠠᠭᠠᠯᠳᠣᠯᠭ᠎ᠠ ᠶᠢᠨ ᠪᠢᠴᠢᠭ ᠪᠢᠴᠢᠵᠦ᠂ ᠡᠷᠬᠡ ᠳᠤ ᠬᠠᠯᠳᠠᠭᠰᠠᠨ ᠭᠡᠷᠡᠴᠢ ᠪᠠᠷᠢᠮᠲᠠ ᠶᠢ ᠰᠠᠶᠢᠳᠣᠷ ᠴᠤᠭᠯᠠᠭᠤᠯᠵᠤ ᠬᠠᠮᠲᠤ ᠳᠤᠨᠢ ᠰᠢᠬᠦᠬᠦ ᠬᠤᠷᠢᠶᠠᠨ ᠳᠤ ᠲᠣᠰᠢᠶᠠᠬᠤ ᠭᠡᠷᠡᠭᠲᠡᠢ᠃ ᠬᠡᠳᠦᠶᠢᠪᠡᠷ ᠨᠦᠭᠦᠭᠡ ᠡᠲᠡᠭᠡᠳ ᠴᠢᠨᠢ ᠲᠠᠨ ᠢ ᠸᠢᠴᠠᠲ ᠤᠨ ᠨᠠᠶᠢᠵᠠ ᠠᠴᠠ ᠬᠠᠰᠣᠵᠤ ᠦᠯᠦ ᠲᠠᠨᠢᠬᠤ ᠬᠦᠮᠦᠨ ᠢᠶᠠᠷ ᠳᠡᠪᠴᠢᠭᠰᠡᠨ ᠪᠤᠯᠪᠠᠴᠤ᠂ ᠵᠤᠭᠤᠰ ᠰᠢᠯᠵᠢᠭᠦᠯᠦᠨ ᠶᠠᠪᠤᠭᠤᠯᠤᠭᠰᠠᠨ ᠳᠡᠮᠳᠡᠭᠯᠡᠯ ᠴᠢᠨᠢ ᠬᠡᠪ ᠢᠶᠠᠷ ᠢᠶᠠᠨ ᠪᠠᠶᠢᠵᠤ᠂ ᠳᠠᠷᠣᠮᠠᠯᠯᠠᠨ ᠭᠠᠷᠭᠠᠵᠤ ᠪᠤᠯᠬᠤ ᠲᠣᠯᠠ ᠰᠢᠬᠦᠬᠦ ᠬᠤᠷᠢᠶᠠᠨ ᠠᠴᠠ ᠵᠤᠭᠤᠰ ᠰᠢᠯᠵᠢᠭᠦᠯᠦᠭᠰᠡᠨ ᠣᠴᠢᠷ ᠶᠠᠪᠤᠳᠠᠯ ᠤᠨ ᠦᠨᠡᠨ ᠪᠤᠳᠠᠳᠠᠢ ᠣᠷᠣᠰᠢᠬᠤ ᠡᠰᠡᠬᠦ ᠶᠢ ᠲᠣᠳᠣᠯᠠᠵᠤ ᠳᠡᠶᠢᠯᠦᠨ᠎ᠡ᠃ ᠡᠶᠢᠮᠦ ᠠᠴᠠ ᠸᠢᠴᠠᠲ ᠳᠡᠭᠡᠷ᠎ᠡ ᠵᠤᠭᠤᠰ ᠰᠢᠯᠵᠢᠭᠦᠯᠦᠨ ᠶᠠᠪᠤᠭᠤᠯᠤᠭᠰᠠᠨ ᠳᠡᠮᠳᠡᠭᠯᠡᠯ ᠪᠤᠯᠤᠨ ᠪᠠᠩᠭᠢ ᠶᠢᠨ ᠺᠡᠷᠲ ᠤᠨ ᠨᠠᠷᠢᠨ ᠳᠠᠩᠰᠠ ᠵᠡᠷᠭᠡ ᠪᠠᠨ ᠰᠠᠶᠢᠳᠦᠷ ᠬᠢᠮᠠᠭᠠᠳᠠᠵᠤ᠂ ᠭᠡᠷᠡᠴᠢ ᠪᠠᠷᠢᠮᠲᠠ ᠪᠤᠯᠠᠭᠠᠨ ᠰᠢᠬᠦᠬᠦ ᠬᠤᠷᠢᠶᠠᠨ ᠳᠤ ᠲᠣᠰᠢᠶᠠᠪᠠᠯ ᠵᠤᠬᠢᠨ᠎ᠠ᠃ ᠡᠬᠦᠨ ᠳᠤ᠂ ᠲᠠ ᠵᠤᠭᠤᠰ ᠰᠢᠯᠵᠢᠭᠦᠯᠦᠨ ᠶᠠᠪᠤᠭᠤᠯᠤᠭᠰᠠᠨ ᠳᠡᠮᠳᠡᠭᠯᠡᠯ ᠢᠶᠠᠨ ᠠᠯᠪᠠᠨ ᠭᠡᠷᠡᠴᠢᠯᠡᠭᠡ ᠬᠢᠯᠭᠡᠪᠡᠯ ᠨᠡᠩ ᠴᠢᠩᠭ᠎ᠠ ᠬᠠᠤᠯᠢ ᠴᠠᠭᠠᠵᠠ ᠶᠢᠨ ᠭᠡᠷᠡᠴᠢᠯᠡᠬᠦ ᠬᠦᠴᠦᠨ ᠲᠠᠢ ᠪᠤᠯᠤᠨ᠎ᠠ᠃ ︵ᠬᠤᠶᠠᠷ︶ ᠠᠯᠢ ᠰᠢᠬᠦᠬᠦ ᠬᠤᠷᠢᠶᠠᠨ ᠳᠤ ᠵᠠᠭᠠᠯᠳᠣᠪᠠᠯ ᠵᠤᠬᠢᠬᠤ ᠪᠤᠢ︖ᠰᠢᠬᠦᠬᠦ ᠬᠤᠷᠢᠶᠠᠨ ᠤ ᠬᠠᠷᠢᠶᠠᠯᠠᠯ ᠠᠴᠠ ᠠᠪᠴᠦ ᠬᠡᠯᠡᠪᠡᠯ᠂ ᠤᠯᠠᠩᠬᠢ ᠪᠠᠶᠢᠳᠠᠯ ᠳᠤ᠂ ᠵᠠᠭᠠᠯᠳᠣᠭᠴᠢ ᠶᠢᠨ ᠰᠠᠭᠤᠭ᠎ᠠ ᠭᠠᠵᠠᠷ ᠤᠨ ᠰᠢᠬᠦᠬᠦ ᠬᠤᠷᠢᠶ᠎ᠠ ᠪᠤᠶᠤ ᠵᠠᠭᠠᠯᠳᠣᠭᠳᠠᠭᠴᠢ ᠶᠢᠨ ᠡᠷᠣᠬᠡ ᠠᠮᠠ ᠪᠠᠶᠢᠭ᠎ᠠ ︵ᠪᠤᠶᠤ ᠰᠠᠭᠤᠭ᠎ᠠ︶ ᠭᠠᠵᠠᠷ ᠤᠨ ᠰᠢᠬᠦᠬᠦ ᠬᠤᠷᠢᠶᠠᠨ ᠳᠤ ᠵᠠᠭᠠᠯᠳᠣᠯᠭ᠎ᠠ ᠬᠢᠪᠡᠯ ᠵᠤᠬᠢᠨ᠎ᠡ᠃ ᠸᠢᠴᠠᠲ ᠳᠡᠭᠡᠷ᠎ᠡ ᠮᠦᠩᠬᠦ ᠪᠠᠨ ᠰᠢᠯᠵᠢᠭᠦᠯᠦᠨ ᠶᠠᠪᠤᠭᠤᠯᠤᠭᠰᠠᠨ ᠠᠴᠠ ᠣᠯᠣᠭᠰᠠᠨ ᠠᠰᠢᠭ ᠨᠢ ᠵᠦᠢ ᠶᠤᠰᠣᠨ ᠤ ᠪᠤᠰᠣ ᠣᠷᠣᠯᠭ᠎ᠠ ᠳᠤ ᠲᠣᠭᠠᠴᠠᠭᠳᠠᠵᠤ᠂ ᠵᠦᠢ ᠶᠣᠰᠣᠨ ᠤ ᠪᠤᠰᠤ ᠠᠰᠢᠭ ᠨᠢ ᠨᠢᠭᠡᠨᠲᠡ ᠨᠢᠭᠡ ᠵᠦᠢᠯ ᠤᠨ ᠬᠠᠣᠯᠢ ᠳᠤ ᠲᠣᠭᠳᠠᠭᠰᠠᠨ ᠠᠪᠴᠠᠭ᠎ᠠ ᠦᠭᠴᠡᠭᠡᠨ ᠤ ᠬᠠᠷᠢᠴᠠᠭ᠎ᠠ ᠪᠤᠯᠤᠨ᠎ᠠ᠃ ᠡᠶᠢᠮᠦ ᠠᠴᠠ ᠵᠤᠭᠤᠰ ᠢᠶᠠᠨ ᠪᠤᠷᠤᠭᠤ ᠶᠠᠪᠤᠭᠤᠯᠤᠭᠰᠠᠨ ᠬᠦᠮᠦᠨ᠂ ᠦᠪᠡᠷ ᠲᠤᠨᠢ ᠨᠦᠬᠦᠭᠡ ᠡᠲᠡᠭᠡᠳ ᠬᠤᠬᠢᠷᠠᠯ ᠰᠦᠢᠳᠣᠯ ᠣᠴᠠᠷᠠᠭᠤᠯᠤᠭᠰᠠᠨ ᠰᠢᠯᠳᠠᠭᠠᠨ ᠢᠶᠠᠷ ᠵᠠᠭᠠᠯᠳᠣᠬᠤ ᠬᠡᠷᠡᠭᠲᠡᠢ᠃ ︵ᠭᠤᠷᠪᠠ︶ ᠸᠢᠴᠠᠲ ᠳᠡᠭᠡᠷ᠎ᠡ ᠵᠤᠭᠤᠰ ᠢᠶᠠᠨ ᠳᠠᠩᠰᠠ ᠰᠢᠯᠵᠢᠬᠦᠯᠦᠨ ᠠᠳᠡᠭᠦᠣ ᠶᠠᠪᠤᠭᠤᠯᠪᠠᠯ ᠨᠦᠭᠦᠭᠡ ᠡᠲᠡᠭᠡᠳ  ᠨᠢ ᠬᠠᠣᠯᠢ ᠴᠠᠭᠠᠵᠠ ᠶᠢᠨ ᠬᠠᠷᠢᠭᠤᠴᠠᠯᠭ᠎ᠠ ᠡᠭᠦᠷᠭᠡᠯᠡᠨ᠎ᠡ ᠤᠤ︖ᠵᠣᠭᠤᠰ ᠬᠤᠷᠢᠶᠠᠨ ᠣᠯᠣᠭᠴᠢ ᠶᠢᠨ ᠲᠠᠯ᠎ᠠ ᠠᠴᠠ ᠠᠪᠴᠦ ᠬᠡᠯᠡᠪᠡᠯ᠂ ᠡᠨᠡ ᠬᠦ ︽ᠵᠦᠭᠡᠷ ᠣᠯᠣᠭᠰᠠᠨ ᠡᠳ᠋ ᠠᠰᠢᠭ︾  ᠨᠢ ᠵᠦᠢ ᠶᠣᠰᠣᠨ ᠤ ᠪᠤᠰᠤ ᠣᠷᠣᠯᠭ᠎ᠠ ᠳᠤ ᠲᠣᠭᠠᠴᠠᠭᠳᠠᠨ᠎ᠠ᠃ ︽ᠢᠷᠭᠡᠨ ᠤ ᠬᠠᠣᠯᠢ ᠶᠢᠨ ᠶᠡᠷᠤᠩᠭᠡᠢ ᠲᠦᠷᠢᠮ︾ ᠤᠨ ᠶᠡᠷᠡᠨ ᠬᠤᠶᠠᠳᠣᠭᠠᠷ ᠵᠦᠢᠯ ᠳᠤ᠄ ︽ᠬᠠᠣᠯᠢ ᠴᠠᠭᠠᠵᠠ ᠶᠢᠨ ᠦᠨᠳᠦᠰᠦᠯᠡᠯ ᠦᠭᠡᠢ ᠪᠠᠷ ᠣᠯᠣᠭᠰᠠᠨ ᠵᠦᠢ ᠪᠤᠰᠤ ᠡᠳ᠋ ᠠᠰᠢᠭ ᠨᠢ ᠪᠤᠰᠣᠳ ᠲᠤ ᠬᠤᠬᠢᠷᠠᠯ ᠰᠦᠢᠳᠣᠯ ᠣᠴᠠᠷᠠᠭᠤᠯᠤᠭᠰᠠᠨ ᠪᠠᠶᠢᠪᠠᠯ ᠵᠦᠢ ᠪᠤᠰᠤ ᠡᠳ᠋ ᠠᠰᠢᠭ ᠢᠶᠠᠨ ᠬᠤᠬᠢᠷᠠᠯ ᠠᠮᠰᠠᠭᠴᠢᠳ ᠲᠤ ᠪᠤᠴᠠᠭᠠᠨ ᠦᠭᠭᠦ ᠬᠡᠷᠡᠭᠲᠡᠢ︾ ᠭᠡᠵᠤ ᠲᠤᠭᠳᠠᠭᠠᠵᠠᠢ᠃ ᠬᠡᠷᠪᠡ ᠸᠢᠴᠠᠲ ᠳᠡᠭᠡᠷ᠎ᠡ ᠵᠣᠭᠤᠰ ᠮᠦᠩᠬᠦ ᠪᠠᠨ ᠠᠳᠡᠭᠦᠤ ᠪᠠᠷ ᠶᠠᠪᠤᠭᠤᠯᠤᠭᠰᠠᠨ ᠪᠠᠶᠢᠪᠠᠯ᠂ ᠮᠦᠩᠬᠦ ᠶᠢᠨ ᠡᠵᠡᠨ ᠴᠠᠭ ᠳᠠᠷᠤᠢ ᠳᠤᠨᠢ ᠨᠦᠭᠦᠭᠡ ᠡᠲᠡᠭᠡᠳ ᠲᠠᠢ ᠬᠠᠷᠢᠴᠠᠵᠤ᠂ ᠣᠴᠢᠷ ᠪᠠᠶᠢᠳᠠᠯ ᠢᠶᠠᠨ ᠲᠣᠳᠣᠷᠬᠠᠶᠢᠯᠠᠨ᠂ ᠨᠦᠬᠦᠭᠡ ᠡᠲᠡᠭᠡᠳ ᠢᠶᠠᠨ ᠪᠤᠴᠠᠭᠠᠨ ᠦᠭᠭᠦᠭᠦᠯᠬᠦ ᠪᠠᠷ ᠱᠠᠭᠠᠷᠳᠠᠵᠤ ᠪᠤᠯᠤᠨ᠎ᠠ᠂ ᠨᠦᠬᠦᠭᠡ ᠡᠲᠡᠭᠡᠳ ᠨᠢ ᠪᠤᠴᠠᠭᠠᠨ ᠦᠭᠬᠦ ᠡᠭᠦᠷᠭᠡ ᠲᠠᠢ ᠪᠠᠶᠢᠳᠠᠭ᠃ ︵ᠳᠦᠷᠪᠠ︶ ᠢᠨᠲ᠋ᠧᠷ ᠰᠦᠯᠵᠢᠶᠡᠨ ᠤ ᠠᠵᠤ ᠠᠬᠤᠶᠢᠯᠠᠯ ᠢᠶᠠᠷ ᠬᠤᠬᠢᠷᠠᠯ ᠢᠶᠠᠨ ᠲᠦᠯᠦᠭᠦᠯᠵᠤ ᠪᠤᠯᠤᠨ᠎ᠠ ᠤᠤ︖ᠸᠢᠴᠠᠲ ᠳᠡᠭᠡᠷ᠎ᠡ ᠮᠦᠩᠬᠦ ᠪᠠᠨ ᠳᠠᠩᠰᠠ ᠰᠢᠯᠵᠢᠭᠦᠯᠵᠦ ᠠᠳᠡᠭᠦᠤ ᠶᠠᠪᠤᠭᠤᠯᠤᠭᠰᠠᠨ ᠨᠢ ᠬᠤᠬᠢᠷᠠᠭᠴᠢ ᠶᠢᠨ ᠲᠣᠰ ᠪᠡᠶ᠎ᠡ ᠶᠢᠨ ᠣᠰᠣᠯ ᠠᠯᠳᠠᠭ᠎ᠠ ᠠᠴᠠ ᠪᠤᠯᠤᠭᠰᠠᠨ ᠬᠤᠬᠢᠷᠠᠯ ᠲᠤᠯᠠ ᠢᠨᠲ᠋ᠧᠷ ᠰᠦᠯᠵᠢᠶᠠᠨ ᠤ ᠠᠵᠤ ᠠᠬᠤᠶᠢᠯᠡᠯ ᠳᠤ ᠣᠰᠣᠯ ᠠᠯᠳᠠᠭ᠎ᠠ ᠪᠠᠶᠢᠬᠤ ᠦᠭᠡᠢ᠃ ᠡᠶᠢᠮᠦ ᠠᠴᠠ ᠢᠨᠲ᠋ᠧᠷ ᠰᠦᠯᠵᠢᠶᠡᠨ ᠤ ᠠᠵᠤ ᠠᠬᠤᠶᠢᠯᠠᠯ ᠢᠶᠠᠷ ᠬᠤᠬᠢᠷᠠᠯ ᠢᠶᠠᠨ ᠲᠦᠯᠦᠭᠦᠯᠬᠦ ᠪᠠᠷ ᠱᠠᠭᠠᠷᠳᠠᠬᠤ ᠨᠢ ᠡᠷᠬᠡ ᠠᠰᠢᠭ ᠢᠶᠠᠨ ᠬᠠᠮᠠᠭᠠᠯᠠᠬᠤ ᠳᠤ ᠪᠡᠷᠭᠡ ᠶᠤᠮ᠃★ᠰᠠᠨᠠᠭᠤᠯᠤᠮᠵᠢ᠄ ᠶᠡᠷᠤ ᠶᠢᠨ ᠪᠠᠶᠢᠳᠠᠯ ᠳᠤ᠂ ᠸᠢᠴᠠᠲ ᠢᠶᠠᠷ ᠳᠠᠩᠰᠠ ᠰᠢᠯᠵᠢᠭᠦᠯᠬᠦ ᠠᠷᠭ᠎ᠠ ᠪᠠᠷ ᠵᠣᠭᠤᠰ ᠶᠠᠪᠤᠭᠤᠯᠬᠤ ᠳᠠᠭᠠᠨ᠂ ᠨᠦᠬᠦᠭᠡ ᠡᠲᠡᠭᠡᠳ ᠲᠠᠢ ᠪᠠᠨ ᠣᠳᠠᠰᠣ ᠪᠠᠷ ᠬᠠᠷᠢᠯᠴᠠᠵᠤ᠂ ᠸᠢᠴᠠᠲ ᠤᠨ ᠳ᠋ᠤᠭᠠᠷ ᠢ ᠨᠢ ᠪᠠᠲᠤᠯᠠᠬᠤ ︵ᠨᠤᠲᠠᠯᠠᠬᠤ︶ ᠬᠡᠷᠡᠭᠲᠡᠢ᠃ᠸᠢᠴᠠᠲ ᠢᠶᠠᠷ ᠳᠠᠩᠰᠠ ᠰᠢᠯᠵᠢᠬᠦᠯᠬᠦ ᠠᠷᠭ᠎ᠠ ᠪᠠᠷ ᠲᠠᠨᠢᠬᠤ ᠦᠭᠡᠢ ᠬᠦᠮᠦᠨ ᠳᠤ ᠵᠣᠭᠤᠰ ᠢᠶᠠᠨ ᠪᠣᠷᠣᠭᠤ ᠶᠠᠪᠤᠭᠤᠯᠬᠤ ᠠᠴᠠ ᠰᠡᠷᠭᠡᠶᠢᠯᠡᠬᠦ ᠪᠠᠰᠠ ᠨᠢᠭᠡᠨ ᠪᠦᠲᠦᠮᠵᠢᠲᠠᠢ ᠠᠷᠭ᠎ᠠ ᠪᠣᠯ᠄ ᠸᠢᠴᠠᠲ ᠢᠶᠠᠷ ᠳᠠᠩᠰᠠ ᠰᠢᠯᠵᠢᠬᠦᠯᠬᠦ ᠠᠷᠭ᠎ᠠ ᠪᠠᠷ ᠰᠢᠯᠵᠢᠬᠦᠯᠦᠭᠰᠡᠨ ᠵᠤᠭᠤᠰ ᠴᠢᠨᠢ ᠨᠦᠭᠦᠭᠡ ᠬᠦᠮᠦᠨ ᠤ ᠳᠠᠩᠰᠠ ᠳᠤ ᠣᠷᠣᠬᠤ ᠴᠠᠭ ︵ᠶᠠᠷᠤ ᠶᠢᠨ ᠪᠠᠶᠢᠳᠠᠯ ᠳᠤ ᠪᠠᠷᠢᠨ ᠤᠷᠤᠨ᠎ᠠ︶ ᠢ 2 ᠴᠠᠭ ᠪᠤᠶᠤ 24 ᠴᠠᠭ ᠤᠨ ᠳᠠᠷᠠᠭ᠎ᠠ ᠣᠷᠣᠬᠤ ᠪᠠᠷ ᠲᠣᠬᠢᠷᠠᠭᠤᠯᠵᠤ ᠪᠤᠯᠤᠨ᠎ᠠ᠃ ᠡᠶᠢᠮᠦ ᠪᠠᠶᠢᠳᠠᠯ ᠳᠤ ᠨᠦᠭᠦᠭᠡ ᠲᠠᠯ᠎ᠠ ᠴᠢᠨᠢ ᠵᠣᠭᠤᠰ ᠢ ᠴᠢᠨᠢ ᠬᠦᠯᠢᠶᠡᠨ ᠠᠪᠤᠭᠰᠠᠨ ᠴᠤ᠂ 2 ᠴᠠᠭ ᠪᠤᠶᠤ 24 ᠴᠠᠭ ᠤᠨ ᠳᠠᠷᠠᠭ᠎ᠠ ᠲᠡᠭᠦᠨ ᠤ ᠮᠦᠩᠭᠦᠨ ᠤ ᠴᠦᠩᠭᠦ ᠳᠤ ᠣᠷᠣᠬᠤ ᠲᠤᠯᠠ᠂ ᠮᠦᠩᠬᠦ ︵ᠵᠣᠭᠤᠰ︶ ᠪᠠᠨ ᠪᠤᠷᠤᠭᠤ ᠬᠦᠮᠦᠨ ᠳᠤ ᠶᠠᠪᠤᠭᠤᠯᠤᠭᠰᠠᠨ ᠢᠶᠠᠨ ᠮᠡᠳᠡᠩᠭᠦᠳᠡ ᠪᠠᠨ ᠸᠢᠴᠠᠲ ᠤᠨ ᠦᠢᠯᠡᠴᠢᠯᠡᠬᠦ ᠲᠡᠪᠴᠡᠩ ᠳᠤ ᠣᠳᠠᠰᠣᠳᠠᠵᠤ᠂ ᠰᠢᠯᠵᠢᠭᠦᠯᠦᠭᠰᠡᠨ ᠮᠦᠩᠬᠦ ᠪᠠᠨ ᠪᠤᠴᠠᠭᠠᠨ ᠠᠪᠴᠤ ᠪᠤᠯᠤᠨ᠎ᠠ᠃      ᠪᠤᠳᠠᠳᠠᠢ ᠲᠣᠬᠢᠷᠠᠭᠤᠯᠬᠤ ᠠᠷᠭ᠎ᠠ᠄ ᠸᠢᠴᠠᠲ ᠤᠨ ᠲᠡᠷᠢᠭᠦᠨ ᠨᠢᠭᠤᠷ --- ᠪᠢ ---  ᠮᠦᠩᠭᠦᠨ ᠤ ᠴᠦᠩᠭᠦ ︵ᠪᠠᠷᠠᠭᠤᠨ ᠳᠡᠭᠡᠷ᠎ᠡ ᠲᠠᠯ᠎ᠠ ᠶᠢᠨ ᠲᠦᠷᠪᠡᠨ ᠲᠦᠷᠪᠡᠯᠵᠡᠨ ᠢ ᠳᠠᠷᠤᠨ᠎ᠠ︶ --- ᠮᠦᠩᠬᠦ ᠲᠦᠯᠦᠬᠦ ᠬᠠᠮᠢᠶᠠᠷᠤᠯᠳᠠ --- ᠰᠢᠯᠵᠢᠭᠦᠯᠦᠭᠰᠡᠨ ᠮᠦᠩᠬᠦ ︵ᠵᠣᠭᠤᠰ︶ ᠳᠠᠩᠰᠠ ᠳᠤ ᠣᠷᠣᠬᠤ ᠴᠠᠭ --- ᠪᠠᠷᠢᠨ ᠣᠷᠣᠬᠤ᠂ 2 ᠴᠠᠭ ᠤᠨ ᠳᠠᠷᠠᠭ᠎ᠠ ᠣᠷᠣᠬᠤ ᠪᠤᠶᠤ 24 ᠴᠠᠭ ᠤᠨ ᠳᠠᠷᠠᠭ᠎ᠠ ᠣᠷᠣᠬᠤ᠂ ᠭᠤᠷᠪᠠᠨ ᠵᠦᠢᠯ ᠠᠴᠠ ᠨᠢᠭᠡ ᠵᠦᠢᠯ ᠢ ᠰᠣᠩᠭᠤᠨ᠎ᠠ᠃                                                                         ᠨᠠᠶᠢᠷᠠᠭᠤᠯᠤᠭᠴᠢ᠄ ᠨᠠᠷᠠᠨᠪᠠᠲᠤ
 
ᠢᠷᠡᠯᠲᠡ᠄ ᠦᠪᠦᠷ ᠮᠣᠩᠭᠤᠯ ᠤᠨ ᠦᠪᠡᠷᠳᠡᠭᠡᠨ ᠵᠠᠰᠠᠬᠤ ᠣᠷᠣᠨ ᠤ ᠳᠣᠳᠣᠭᠠᠳᠣ ᠶᠢ ᠬᠠᠮᠠᠭᠠᠯᠠᠬᠤ ᠲᠢᠩᠭᠢᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号